蒙古文网站Logo
ᠰᠢᠨᠬᠤᠸᠠ ᠮᠤᠩᠭ᠋ᠤᠯ ᠨᠧᠲ

ᠮᠠᠨ ᠤ ᠤᠯᠤᠰ ᠤᠨ ᠪᠤᠯᠪᠠᠰᠤᠷᠠᠭᠤᠯᠤᠬᠰᠠᠨ ᠲᠤᠰᠤᠨ ᠤ ᠦᠨ᠎ᠡ 4 ᠳ᠋ᠡᠬᠢ ᠤᠳᠠᠭ᠎ᠠ ᠪᠠᠨ ᠪᠠᠭᠤᠷᠠᠯ᠎ᠠ

2016-09-20 11:46

    ᠤᠯᠤᠰ ᠤᠨ ᠦᠭᠡᠷᠡᠴᠢᠯᠡᠯᠲᠡ ᠬᠦᠭ᠍ᠵᠢᠭᠦᠯᠦᠯᠲᠡ ᠶᠢᠨ ᠵᠦᠪᠯᠡᠯ ᠡᠴᠡ ᠮᠡᠳᠡᠭᠳᠡᠯ ᠨᠡᠶᠢᠲᠡᠯᠡᠵᠦ᠂ 9 ᠰᠠᠷ᠎ᠠ ᠶᠢᠨ 18 ᠤ ᠡᠳᠦᠷ ᠤᠨ 24᠄ 00 ᠴᠠᠬ  ᠡᠴᠡ ᠡᠬᠢᠯᠡᠨ ᠤᠯᠤᠰ ᠤᠨ ᠲᠤᠳᠤᠭᠠᠳᠤ ᠳᠡᠬᠢ ᠴᠢᠶ᠊ᠢᠤ᠂ ᠴᠠᠶᠢᠶ᠊ᠢ᠊ᠤ ᠲᠤᠰᠤᠨ ᠤ ᠦᠨ᠎ᠡ ᠲᠤᠨ ᠪᠦᠷᠢ ᠳᠤ ᠲᠤᠰᠪᠤᠷᠢ 155 ᠲᠦᠭᠦᠷᠢᠭ᠌᠌ ᠪᠤᠯᠤᠨ 150 ᠲᠦᠭᠦᠷᠢᠭ᠌᠌ ᠪᠠᠭᠤᠷᠠᠨ᠎ᠠ ᠭᠡᠵᠡᠢ᠃ ᠨᠤᠭᠤᠯᠵᠦ ᠪᠤᠳᠤᠪᠠᠯ 92 ᠨᠤᠮᠧᠷᠲᠤ ᠴᠢᠶ᠊ᠢᠤ ᠯᠢᠲ᠋ᠧᠷ ᠪᠦᠷᠢ ᠳᠡᠭᠡᠨ 0.11 ᠲᠦᠭᠦᠷᠢᠭ᠌ ᠪᠠᠭᠤᠷᠠᠵᠦ᠂ 0 ᠨᠤᠮᠧᠷᠲᠤ ᠴᠠᠶᠢᠶ᠊ᠢᠤ ᠯᠢᠲ᠋ᠧᠷ ᠪᠦᠷᠢ ᠳᠡᠭᠡᠨ 0.13 ᠲᠦᠭᠦᠷᠢᠭ᠌ ᠪᠠᠭᠤᠷᠠᠵᠠᠢ᠃ ᠡᠨᠡ ᠨᠢ ᠦᠨᠦ ᠵᠢᠯ ᠤᠯᠤᠰ ᠤᠨ ᠲᠤᠳᠤᠭᠠᠳᠤ ᠳᠡᠬᠢ ᠪᠤᠯᠪᠠᠰᠤᠷᠠᠭᠤᠯᠤᠬᠰᠠᠨ ᠲᠤᠰᠤᠨ ᠤ ᠦᠨ᠎ᠡ 4 ᠳᠡᠬᠢ ᠤᠳᠠᠭ᠎ᠠ ᠪᠠᠨ ᠪᠠᠭᠤᠷᠠᠵᠦ ᠪᠠᠶᠢᠨ᠎ᠠ᠃

    ᠤᠳᠤ ᠳᠤ ᠬᠦᠷᠲᠡᠯ᠎ᠡ᠂ ᠮᠠᠨ ᠤ ᠤᠯᠤᠰ ᠪᠦᠬᠦ ᠵᠢᠯ ᠳ᠋ᠦ ᠲᠤᠰᠳ ᠤ ᠦᠨ᠎ᠡ ᠳᠤ ᠨᠡᠶᠢᠲᠡ 18 ᠤᠳᠠᠭ᠎ᠠ  ᠲᠤᠬᠢᠷᠠᠭᠤᠯᠤᠯᠲᠠ ᠬᠢᠵᠡᠢ᠂ ᠡᠭᠦᠨ ᠳᠤ 4 ᠤᠳᠠᠭ᠎ᠠ ᠦᠨ᠎ᠡ ᠪᠠᠭᠤᠷᠠᠭᠤᠯᠵᠦ᠂ 6 ᠤᠳᠠᠭ᠎ᠠ ᠦᠨ᠎ᠡ ᠦᠰᠭᠡᠨ᠂ 8 ᠤᠳᠠᠭ᠎ᠠ ᠦᠨ᠎ᠡ ᠵᠢ ᠬᠤᠪᠢᠷᠠᠭᠤᠯᠤᠬᠰᠠᠨ ᠦᠭᠡᠢ᠃ ᠶᠡᠷᠦᠩᠬᠡᠢ ᠳᠡᠭᠡᠨ ᠴᠢᠶ᠊ᠢᠤ ᠲᠤᠰᠤᠨ ᠤ ᠦᠨ᠎ᠡ ᠨᠡᠶᠢᠯᠡᠭᠡᠳ ᠲᠤᠨ ᠪᠦᠷᠢ ᠳᠤ 315 ᠲᠦᠭᠦᠷᠢᠭ᠌ ᠦᠰᠴᠦ᠂ ᠴᠠᠶᠢᠶ᠊ᠢᠤ ᠲᠤᠰᠤᠨ ᠤ ᠦᠨ᠎ᠡ ᠲᠤᠨ ᠪᠦᠷᠢ ᠳᠤ 3.5 ᠲᠦᠭᠦᠷᠢᠭ᠌ ᠦᠰᠴᠡᠢ᠃

ᠢᠷᠡᠯᠳᠡ᠄ ᠵᠢᠩ ᠬᠤᠸᠠ ᠴᠠᠬ ᠰᠤᠨᠢᠨ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119592207