蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠤᠨ ᠨᠡᠭᠦᠷᠡᠰᠦᠨ ᠤ ᠦᠨ᠎ᠠ 10 ᠰᠠᠷ᠎ᠠ ᠳᠦ ᠲᠤᠬᠢᠷᠠᠭᠤᠯᠬᠤ ᠬᠤᠭᠤᠴᠠᠭᠠᠨ ᠳᠦ ᠤᠷᠤᠨ᠎ᠠ

2016-09-28 15:43

    ᠰᠢᠨᠬᠤᠧᠠ ᠬᠤᠷᠢᠶ᠎ᠠ ᠬᠦᠬᠡᠬᠤᠲᠠ ᠶᠢᠨ 9ᠰᠠᠷ ᠠ ᠶᠢᠨ 27 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠫᠧᠩ ᠶᠤᠧᠠᠨ) 9 ᠰᠠᠷ᠎ᠠ ᠪᠤᠯᠬᠤ ᠳᠤ ᠵᠤᠨ ᠤ ᠤᠯᠠᠷᠢᠯ ᠤᠨ ᠨᠡᠭᠦᠷᠡᠰᠦᠨ ᠤ ᠬᠡᠷᠡᠭᠯᠡᠭᠡ ᠵᠤᠭᠰᠤᠭᠰᠠᠨ ᠪᠤᠯᠪᠠᠴᠤ ᠦᠪᠦᠷ ᠮᠣᠩᠭᠣᠯ ᠤᠨ ᠭᠤᠤᠯ ᠨᠡᠭᠦᠷᠡᠰᠦᠨ ᠤ ᠠᠭᠤᠷᠬᠠᠢ ᠶᠢᠨ ᠨᠡᠭᠦᠷᠡᠰᠦᠨ ᠤ ᠦᠨ᠎ᠠ ᠮᠦᠨ ᠯᠡ ᠳᠠᠪᠠᠮᠠᠭᠠᠢ ᠪᠠᠶᠢᠵᠤ᠂ 《ᠬᠡᠷᠡᠭᠯᠡᠭᠡ ᠴᠦᠭᠡᠨ ᠤᠯᠠᠷᠢᠯ ᠳᠦ ᠴᠤ ᠪᠠᠭᠤᠷᠠᠬᠤ ᠦᠭᠡᠢ》ᠬᠠᠨᠳᠤᠰᠢ ᠲᠠᠢ ᠪᠤᠯᠵᠠᠢ᠃ ᠬᠠᠮᠢᠢ᠎ᠠ ᠪᠦᠬᠦᠢ ᠲᠤᠰᠬᠠᠢ ᠮᠠᠷᠭᠡᠵᠢᠯᠲᠠᠨ ᠤ ᠢᠯᠡᠷᠬᠡᠶᠢᠯᠡᠭᠰᠡᠨ ᠢᠶᠡᠷ᠂ ᠴᠠᠬᠢᠯᠭᠠᠨ ᠦᠢᠯᠡᠳᠪᠦᠷᠢ ᠶᠢᠨ ᠤᠯᠠᠷᠢᠯ ᠤᠨ ᠴᠢᠨᠠᠷᠲᠠᠢ ᠬᠠᠨᠳᠤᠰᠢ ᠶᠢ ᠳᠠᠭᠠᠯᠳᠤᠨ ᠨᠦᠬᠡᠴᠡ ᠨᠢ ᠨᠡᠮᠡᠭᠳᠡᠵᠤ᠂10 ᠰᠠᠷ᠎ᠠ ᠳᠦ ᠨᠠᠭᠦᠷᠠᠰᠦᠨ ᠤ ᠦᠨ᠎ᠠ ᠲᠤᠬᠢᠷᠠᠭᠤᠯᠤᠬᠤ ᠬᠤᠭᠤᠴᠠᠭᠠᠨ ᠳᠦ ᠤᠷᠤᠨ᠎ᠠ᠃

    ᠰᠡᠭᠦᠯ ᠤᠨ ᠦᠶ᠎ᠠ ᠳᠤ᠂ ᠤᠯᠤᠰ ᠤᠨ ᠬᠦᠭ᠍ᠵᠢᠬᠦᠯᠦᠯᠲᠠ ᠨᠡᠭᠡᠭᠡᠯᠳᠡ ᠶᠢᠨ ᠵᠦᠪᠯᠠᠯ ᠡᠴᠡ ᠠᠷᠭ᠎ᠠ ᠠᠪᠴᠠᠯ ᠠᠪᠴᠤ᠂ ᠨᠡᠭᠦᠷᠡᠰᠤᠨ ᠤ ᠦᠨ᠎ᠠ ᠲᠦᠷᠭᠡᠨ ᠦᠰᠬᠦ ᠶᠢ ᠬᠤᠷᠢᠭᠯᠠᠨ᠂ ᠨᠡᠭᠦᠷᠡᠰᠦᠨ ᠤ ᠭᠠᠷᠤᠯᠲᠠ ᠶᠢ ᠡᠳᠦᠷ ᠲᠦ 50 ᠲᠦᠮᠡᠨ ᠲᠤᠨ ᠨᠡᠮᠡᠭᠳᠡᠭᠦᠯᠬᠦ ᠪᠡᠷ ᠲᠦᠯᠦᠪᠯᠠᠪᠠ᠃ ᠬᠡᠷᠡᠭᠴᠡᠭᠡ  ᠢᠢᠨ ᠲᠠᠯ᠎ᠠ ᠡᠴᠡ ᠦᠵᠡᠪᠡᠯ᠂ 9 ᠰᠠᠷ᠎ᠠ ᠶᠢᠨ 23 ᠤ ᠡᠳᠦᠷ ᠪᠤᠯᠲᠠᠯ᠎ᠠ ᠳᠠᠯᠠᠢ ᠳᠠᠭᠤ ᠶᠢᠨ ᠵᠢᠷᠭᠤᠭᠠᠨ ᠲᠤᠮᠤ ᠴᠠᠬᠢᠯᠭᠠᠨ ᠦᠢᠯᠡᠳᠪᠦᠷᠢ ᠶᠢᠨ ᠨᠦᠬᠡᠴᠡ ᠨᠢ 1184.8 ᠲᠦᠮᠡᠨ ᠲᠤᠨ ᠂ ᠳᠤᠮᠳᠠᠴᠢ ᠪᠡᠷ 21.2 ᠡᠳᠦᠷ ᠬᠡᠷᠡᠭᠰᠡᠵᠤ ᠬᠦᠷᠬᠦ ᠲᠤᠯᠠ ᠤᠬᠤᠷ ᠬᠤᠭᠤᠴᠠᠭᠠᠨ ᠳᠦ ᠨᠦᠬᠡᠴᠡ ᠶᠢᠨ ᠬᠠᠳᠠᠭᠠᠯᠠᠭᠳᠠᠴᠠ ᠶᠢᠨ ᠳᠠᠷᠤᠯᠲᠠ ᠦᠭᠡᠢ᠃

    ᠬᠠᠮᠢᠶ᠎ᠠ ᠪᠦᠬᠦᠢ ᠲᠤᠰᠬᠠᠢ ᠮᠡᠷᠭᠡᠵᠢᠯᠲᠠᠨ ᠤ ᠢᠯᠡᠷᠬᠡᠶᠢᠯᠡᠭᠰᠡᠨ ᠢᠶᠡᠷ᠂ ᠨᠠᠭᠦᠷᠡᠰᠦ ᠤᠯᠠᠨ ᠬᠡᠷᠡᠭᠰᠡᠬᠦ ᠤᠯᠠᠷᠢᠯ ᠤᠨ ᠬᠦᠷᠴᠤ ᠢᠷᠡᠬᠦ ᠶᠢ ᠳᠠᠭᠠᠯᠲᠤᠨ ᠤᠳᠤᠬᠠᠨ ᠤ ᠦᠪᠦᠷ ᠮᠣᠩᠭᠣᠯ ᠤᠨ ᠨᠡᠭᠦᠷᠡᠰᠦᠨ ᠤ ᠦᠨ᠎ᠠ ᠦᠨᠡᠲᠡᠢ ᠪᠠᠶᠢᠵᠤ᠂ ᠨᠡᠭᠦᠷᠡᠰᠤ ᠬᠡᠷᠡᠭᠰᠡᠬᠦ ᠠᠵᠤ ᠠᠬᠤᠶᠢᠯᠠᠯ ᠬᠦᠯᠢᠶᠡᠨ ᠠᠪᠬᠤ ᠳᠦ ᠲᠠᠷᠤᠯᠳᠠ ᠲᠠᠢ ᠪᠠᠶᠢᠨ᠎ᠠ᠂ ᠨᠡᠭᠦᠷᠡᠰᠦᠨ ᠤ ᠨᠦᠬᠡᠴᠡ ᠬᠦᠷᠦᠯᠴᠡᠭᠡ ᠲᠠᠢ ᠤᠷᠢᠳᠠᠯ ᠳᠦ 10 ᠰᠠᠷ᠎ᠠ ᠶᠢᠨ ᠨᠠᠭᠦᠷᠠᠰᠤᠨ ᠤ ᠦᠨ᠎ᠠ ᠳᠦ ᠪᠠᠭ᠎ᠠ ᠬᠡᠮᠵᠢᠶᠠᠨ ᠤ ᠲᠤᠬᠢᠷᠠᠭᠤᠯᠤᠯᠲᠠ ᠬᠢᠬᠦ ᠪᠤᠯᠤᠨ᠎ᠠ ᠬᠡᠯ᠎ᠠ᠃ (ᠳᠠᠳᠤᠯᠭ᠎ᠠ ᠶᠢᠨ ᠰᠤᠷᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119640987