蒙古文网站Logo
ᠰᠢᠨᠬᠤᠸᠠ ᠮᠤᠩᠭ᠋ᠤᠯ ᠨᠧᠲ

ᠴᠢᠶ᠊ᠢᠤ ᠴᠠᠶᠢᠶ᠊ᠢᠤ ᠲᠤᠰᠤᠨ ᠤ ᠦᠨ᠎ᠡ ᠳᠤ ᠲᠤᠬᠢᠷᠠᠭᠤᠯᠤᠯᠲᠠ ᠬᠢᠬᠦ ᠦᠭᠡᠢ

2016-11-03 11:19

    ᠰᠢᠨᠬᠤᠸᠠ ᠬᠤᠷᠢᠶ᠎ᠠ  ᠪᠡᠭᠡᠵᠢᠩ ᠤᠨ 11 ᠰᠠᠷ᠎ᠠ ᠶᠢᠨ 2 ᠤ᠋ᠨ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠬᠴᠢ ᠠᠨ ᠪᠧᠢ᠂ ᠵᠠᠩ ᠰᠢᠩ ᠵᠢᠶᠦ᠋ᠨ) ᠤᠳᠤ ᠬᠡᠷᠡᠭᠵᠢᠭᠦᠯᠵᠦ ᠪᠤᠢ ᠤᠯᠤᠰ ᠤᠨ ᠲᠤᠳᠤᠭᠠᠳᠤ ᠶᠢᠨ ᠪᠤᠯᠪᠠᠰᠤᠷᠠᠭᠤᠯᠤᠬᠰᠠᠨ ᠲᠤᠰᠤᠨ ᠤ ᠦᠨ᠎ᠡ ᠶᠢᠨ ᠲᠤᠬᠲᠠᠯᠴᠠᠭ᠎ᠠ  ᠶᠤᠰᠤᠭᠠᠷ ᠲᠤᠭᠠᠴᠠᠭᠠᠪᠠᠯ  ᠲᠤᠰ ᠤᠳᠠᠭ᠎ᠠ ᠴᠢᠶ᠊ᠢᠤ ᠴᠠᠶᠢᠶ᠊ᠢᠤ ᠲᠤᠰᠤᠨ ᠤ ᠦᠨ᠎ᠡ ᠳᠤ ᠲᠤᠬᠢᠷᠠᠭᠤᠯᠤᠯᠲᠠ ᠬᠢᠬᠦ ᠦᠭᠡᠢ ᠭᠡᠵᠦ ᠤᠯᠤᠰ ᠤᠨ ᠦᠭᠡᠷᠡᠴᠢᠯᠡᠯᠲᠡ ᠬᠦᠭ᠍ᠵᠢᠯᠬᠦᠯᠦᠯᠲᠡ ᠶᠢᠨ ᠵᠦᠪᠯᠡᠯ 2 ᠤ᠋ᠨ ᠡᠳᠦᠷ ᠵᠠᠷᠯᠠᠵᠠᠢ᠃

    ᠦᠭᠡᠷᠡᠴᠢᠯᠡᠯᠲᠡ ᠬᠦᠭ᠍ᠵᠢᠭᠦᠯᠦᠯᠲᠡ ᠶᠢᠨ ᠵᠦᠪᠯᠡᠯ ᠶᠢᠨ ᠶᠠᠷᠢᠬᠰᠠᠨ ᠢᠶᠡᠷ᠂ 10 ᠰᠠᠷ᠎ᠠ ᠶᠢᠨ 19 ᠤ᠋ ᠡᠳᠦᠷ ᠤᠯᠤᠰ ᠤᠨ ᠲᠤᠳᠤᠭᠠᠳᠤ ᠳᠡᠬᠢ ᠪᠤᠯᠪᠠᠰᠤᠷᠠᠭᠤᠯᠤᠬᠰᠠᠨ ᠲᠤᠰᠤᠨ ᠤ ᠦᠨ᠎ᠡ ᠳᠤ ᠲᠤᠬᠢᠷᠠᠭᠤᠯᠤᠯᠲᠠ ᠬᠢᠭ᠍ᠰᠡᠨ ᠡᠴᠡ ᠨᠠᠭᠠᠰᠢ ᠤᠯᠠᠨ ᠤᠯᠤᠰ ᠤᠨ ᠲᠤᠰᠤᠨ ᠤ ᠦᠨ᠎ᠡ ᠵᠢᠭᠠᠬᠠᠨ ᠬᠤᠪᠢᠷᠠᠯᠲᠠ ᠭᠠᠷᠪᠠ᠃ ᠤᠳᠤ ᠬᠡᠷᠡᠭᠵᠢᠭᠦᠯᠵᠦ ᠪᠤᠢ ᠤᠯᠤᠰ ᠤᠨ ᠲᠤᠳᠤᠭᠠᠳᠤ ᠶᠢᠨ ᠪᠤᠯᠪᠠᠰᠤᠷᠠᠭᠤᠯᠤᠬᠰᠠᠨ ᠲᠤᠰᠤᠨ ᠤ ᠦᠨ᠎ᠡ ᠶᠢᠨ ᠲᠤᠬᠲᠠᠯᠴᠠᠭ᠎ᠠ   ᠶᠤᠰᠤᠭᠠᠷ ᠲᠤᠭᠠᠴᠠᠭᠠᠪᠠᠯ ᠂ 11 ᠰᠠᠷ᠎ᠠ ᠶᠢᠨ 2 ᠤ᠋ᠨ ᠡᠳᠦᠷ ᠡᠴᠡ ᠡᠮᠦᠨᠡᠬᠢ 10 ᠬᠤᠨᠤᠬ( ᠠᠵᠢᠯᠯᠠᠬᠤ ᠡᠳᠦᠷ) ᠤ᠋ᠨ ᠳᠤᠮᠳᠠᠴᠢ ᠦᠨ᠎ᠡ ᠪᠠ 10 ᠰᠠᠷ᠎ᠠ ᠶᠢᠨ 19 ᠤ᠋ ᠡᠳᠦᠷ ᠡᠴᠡ ᠡᠮᠦᠨᠡᠬᠢ 10 ᠬᠤᠨᠤᠬ(ᠠᠵᠢᠯᠯᠠᠬᠤ ᠡᠳᠦᠷ) ᠤ᠋ᠨ ᠳᠤᠮᠳᠠᠴᠢ ᠦᠨ᠎ᠡ ᠵᠢ ᠠᠳᠠᠯᠢᠳᠬᠠᠪᠠᠯ᠂ ᠲᠤᠬᠢᠷᠠᠭᠤᠯᠤᠬᠳᠠᠬᠰᠠᠨ ᠬᠡᠮᠵᠢᠶ᠎ᠡ ᠲᠤᠨ ᠪᠦᠷᠢ ᠳᠤ 50 ᠲᠦᠭᠦᠷᠢᠭ᠌ ᠬᠦᠷᠬᠦ ᠦᠭᠡᠢ᠃ ᠲᠡᠶᠢᠨᠬᠦ 《ᠴᠢᠯᠠᠭᠤᠨ ᠲᠤᠰᠤᠨ ᠤ ᠦᠨ᠎᠎ᠡ ᠶᠢᠨ ᠬᠠᠮᠢᠶᠠᠷᠤᠯᠲᠠ ᠶᠢᠨ ᠠᠷᠭ᠎ᠠ》 ᠤ᠋ᠨ 7 ᠳ᠋ᠤᠭᠠᠷ ᠵᠤᠷᠪᠤᠰ ᠲᠤᠬᠲᠠᠭᠠᠯ ᠢ ᠦᠳᠦᠰᠦᠯᠡᠪᠡᠯ ᠲᠤᠰ ᠤᠳᠠᠭ᠎ᠠ ᠴᠢᠶ᠊ᠢᠤ ᠴᠠᠶᠢᠶ᠊ᠢᠤ ᠲᠤᠰᠤᠨ ᠤ ᠦᠨ᠎ᠡ ᠳᠤ ᠲᠤᠬᠢᠷᠠᠭᠤᠯᠤᠯᠲᠠ ᠬᠢᠬᠦ ᠬᠡᠷᠡᠭ ᠦᠭᠡᠢ ᠃ ᠲᠤᠬᠢᠷᠠᠭᠤᠯᠬᠰᠠᠨ ᠦᠭᠡᠢ ᠦᠨ᠎ᠡ ᠵᠢ ᠳᠠᠷᠠᠭ᠎ᠠ ᠤᠳᠠᠭᠠᠨ ᠤ ᠲᠤᠬᠢᠷᠠᠭᠤᠯᠤᠯᠲᠠ ᠳᠤ ᠪᠤᠳᠤᠵᠦ ᠤᠷᠤᠭᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119842757