蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠡᠧᠦ᠋ᠷᠦᠫᠠ ᠶᠢ ᠬᠤᠯᠪᠤᠭᠰᠠᠨ ᠭᠠᠯᠳᠤ ᠳᠡᠷᠬᠡᠨ ᠤ ᠠᠴᠢᠶ᠎ᠠ 11 ᠳᠦᠮᠡᠨ ᠲᠤᠨ ᠢ ᠳᠠᠪᠠᠪᠠ

2016-12-12 11:07

    ᠰᠤᠷᠪᠤᠯᠵᠢᠯᠠᠬᠴᠢ ᠬᠦᠬᠡᠬᠤᠳᠠ ᠶᠢᠨ ᠪᠤᠭᠤᠮᠳᠠ ᠶᠢᠨ ᠠᠯᠪᠠᠨ ᠡᠴᠡ ᠤᠶᠢᠯᠠᠭᠠᠭᠰᠠᠨ ᠢᠶᠡᠷ᠂ ᠳᠤᠮᠳᠠᠳᠤ ᠡᠧᠦ᠋ᠷᠦᠫᠠ ᠶᠢ ᠬᠤᠯᠪᠤᠭᠰᠠᠨ ᠭᠠᠯᠳᠤ ᠳᠡᠷᠬᠡ 2013 ᠤᠨ ᠤ 12 ᠰᠠᠷ᠎ᠠ ᠳᠤ ᠠᠶᠠᠯᠠᠯ ᠢᠶᠡᠨ ᠡᠬᠢᠯᠡᠬᠦᠯᠦᠭᠰᠡᠨ ᠡᠴᠡ ᠨᠠᠭᠠᠰᠢ᠂ ᠡᠨᠡ ᠵᠢᠯ ᠤᠨ 11 ᠰᠠᠷ᠎ᠠ ᠶᠢᠨ 30 ᠤ ᠡᠳᠦᠷ ᠪᠤᠯᠳᠠᠯ᠎ᠠ ᠡᠷᠢᠶᠡᠨ ᠪᠤᠭᠤᠮᠳᠠ ᠪᠡᠷ ᠨᠡᠶᠢᠳᠡ 231 ᠤᠳᠠᠭ᠎ᠠ ᠬᠢᠯᠢ ᠳᠠᠮᠨᠠᠵᠤ᠂ ᠨᠡᠶᠢᠳᠡ 11.53 ᠳᠦᠮᠡᠨ ᠲᠤᠨ ᠪᠠᠷᠠᠭ᠎ᠠ ᠪᠦᠳᠦᠬᠡᠭᠳᠡᠬᠦᠨ ᠳᠡᠬᠡᠬᠡᠪᠦᠷᠢᠯᠡᠵᠡᠢ᠃

    ᠤᠶᠢᠯᠠᠭᠠᠭᠰᠠᠨ ᠢᠶᠡᠷ᠂ ᠡᠨᠡ ᠵᠢᠯ ᠤᠨ ᠦᠩᠬᠡᠷᠡᠭᠰᠡᠨ ᠠᠷᠪᠠᠨ ᠨᠢᠬᠡᠨ ᠰᠠᠷ᠎ᠠ ᠳᠤ ᠳᠤᠮᠳᠠᠳᠤ ᠡᠧᠦ᠋ᠷᠦᠫᠠ ᠶᠢ ᠬᠤᠯᠪᠤᠭᠰᠠᠨ ᠭᠠᠯᠳᠤ ᠳᠡᠷᠬᠡ ᠨᠢ ᠡᠷᠢᠶᠡᠨ ᠪᠤᠭᠤᠮᠳᠠ ᠪᠡᠷ ᠨᠡᠶᠢᠳᠡ 143 ᠤᠳᠠᠭ᠎ᠠ ᠬᠢᠯᠢ ᠳᠠᠮᠨᠠᠵᠤ ᠨᠡᠶᠢᠳᠡ 75042.01 ᠲᠤᠨ ᠪᠠᠷᠠᠭ᠎ᠠ ᠪᠦᠳᠦᠬᠡᠭᠳᠡᠬᠦᠨ ᠳᠡᠬᠡᠬᠡᠪᠦᠷᠢᠯᠡᠭᠰᠡᠨ ᠪᠠᠶᠢᠨ᠎ᠠ᠃ ᠡᠨᠡ ᠨᠢ ᠦᠩᠬᠡᠷᠡᠭᠰᠡᠨ ᠤ ᠠᠳᠠᠯᠢ ᠬᠤᠭᠤᠴᠠᠭᠠᠨ ᠤ ᠬᠢ ᠡᠴᠡ ᠳᠤᠰ ᠪᠦᠷᠢ 104.29%᠂ 123.99%᠂ 170% ᠪᠡᠷ ᠨᠡᠮᠡᠭᠳᠡᠵᠤ᠂ ᠪᠠᠷᠠᠭ᠎ᠠ ᠪᠦᠳᠦᠬᠡᠭᠳᠡᠬᠦᠨ ᠤ ᠶᠡᠷᠦᠩᠬᠡᠢ ᠦᠷᠳᠡᠭ ᠨᠢ 67497.16 ᠳᠦᠮᠡᠨ ᠳ᠋ᠤᠯᠯᠠᠷ ᠲᠤ ᠬᠦᠷᠴᠠᠢ᠃

ᠢᠷᠡᠯᠳᠡ᠄ ᠬᠦᠬᠡᠬᠤᠳᠠ ᠶᠢᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
关闭
010070230030000000000000011120701120099853