蒙古文网站Logo
ᠰᠢᠨᠬᠤᠸᠠ ᠮᠤᠩᠭ᠋ᠤᠯ ᠨᠧᠲ

ᠭᠤᠤᠯ ᠪᠤᠯᠬᠤ ᠬᠤᠲᠠ ᠶᠢᠨ ᠤᠷᠤᠨ ᠰᠠᠭᠤᠴᠠ ᠶᠢᠨ ᠦᠨ᠎ᠡ ᠶᠢᠨ ᠬᠠᠨᠳᠤᠰᠢ ᠲᠤᠬᠲᠠᠭᠤᠨ ᠪᠤᠢ

2016-12-19 16:58

    ᠰᠢᠨᠬᠤᠸᠠ ᠬᠤᠷᠢᠶ᠎ᠠ  ᠪᠡᠭᠡᠵᠢᠩ ᠤᠨ 12 ᠰᠠᠷ᠎ᠠ ᠶᠢᠨ 19 ᠤ᠋ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠬᠴᠢ ᠴᠧᠨ ᠸᠸᠢ ᠸᠸᠢ) ᠤᠯᠤᠰ ᠤᠨ ᠲᠤᠭ᠎ᠠ ᠪᠦᠷᠢᠳᠬᠡᠯ ᠤᠨ ᠲᠤᠪᠴᠢᠶ᠎᠎ᠠ ᠶᠢᠨ 19 ᠤ᠋ ᠡᠳᠦᠷ ᠤᠨ ᠨᠡᠶᠢᠲᠡᠯᠡᠭᠰᠡᠨ ᠳ᠋ᠠᠶᠢᠲ᠋ᠠ ᠡᠴᠡ ᠲᠤᠳᠤᠷᠠᠭᠤᠯᠪᠠᠯ᠂ 11 ᠰᠠᠷ᠎ᠠ ᠶᠢᠨ ᠰᠡᠬᠦᠯ ᠤᠨ ᠬᠠᠭᠠᠰ ᠰᠠᠷ᠎ᠠ ᠵᠢ ᠲᠦᠷᠦᠭᠦᠦ ᠬᠠᠭᠠᠰ ᠰᠠᠷ᠎ᠠ ᠲᠠᠢ ᠠᠳᠠᠯᠢᠳᠬᠠᠪᠠᠯ ᠨᠢᠭᠡᠳᠦᠭᠡᠷ ᠳᠡᠰ ᠪᠠ ᠵᠠᠷᠢᠮ ᠬᠤᠶᠠᠳᠤᠭᠠᠷ ᠳᠡᠰ ᠤᠨ ᠬᠤᠲᠠ ᠶᠢᠨ ᠲᠤᠳᠤᠷᠠᠬᠢ 9 ᠬᠤᠲᠠ ᠶᠢᠨ ᠰᠢᠨ᠎ᠡ ᠪᠡᠷ ᠪᠠᠶᠢᠭᠤᠯᠤᠬᠰᠠᠨ ᠲᠠᠸᠠᠷ ᠤᠨ ᠤᠷᠤᠨ ᠰᠠᠭᠤᠴᠠ ᠶᠢᠨ ᠦᠨ᠎ᠡ ᠦᠩᠭᠡᠷᠡᠭᠰᠡᠨ ᠡᠭᠡᠯᠵᠢ ᠡᠴᠡ ᠪᠠᠨ ᠪᠠᠭᠤᠷᠠᠵᠦ(0.1-0.9 ᠵᠠᠭᠤᠨ ᠤ ᠨᠢᠭᠡᠴᠢ ᠶᠢᠨ ᠬᠤᠭᠤᠷᠤᠨᠳᠤ)᠂ 2 ᠬᠤᠲᠠ ᠶᠢᠨ ᠬᠢ ᠲᠡᠩᠴᠡᠵᠦ᠂ 4 ᠬᠤᠲᠠ ᠶᠢᠨ ᠬᠢ ᠦᠰᠴᠡᠢ(1% ᠶ᠋ᠢᠨ ᠲᠤᠳᠤᠷ᠎ᠠ)᠃

    ᠪᠦᠷᠢᠳᠬᠡᠯ ᠢ ᠦᠨᠳᠦᠰᠦᠯᠡᠪᠡᠯ᠂ 11 ᠰᠠᠷ᠎ᠠ ᠳᠤ 70 ᠶᠡᠬᠡ ᠳᠤᠮᠳᠠ ᠵᠡᠷᠭᠡ ᠶᠢᠨ ᠬᠤᠲᠠ ᠶᠢᠨ ᠳᠤᠳᠤᠷᠠᠬᠢ ᠰᠢᠨ᠎ᠡ ᠪᠡᠷ ᠪᠠᠢᠢᠭᠤᠯᠤᠬᠰᠠᠨ ᠲᠠᠸᠠᠷ ᠤᠨ ᠤᠷᠤᠨ ᠰᠠᠭᠤᠴᠠ ᠪᠠ ᠬᠠᠭᠤᠴᠢᠨ ᠤᠷᠤᠨ ᠰᠠᠭᠤᠴᠠ ᠶᠢᠨ ᠦᠨ᠎ᠡ ᠨᠢ ᠦᠩᠭᠡᠷᠡᠭᠰᠡᠨ ᠡᠭᠡᠯᠵᠢ ᠡᠴᠡ ᠪᠠᠨ ᠦᠰᠦᠭᠰᠡᠨ ᠬᠤᠲᠠ ᠶᠢᠨ ᠲᠤᠭ᠎ᠠ ᠬᠠᠰᠤᠬᠳᠠᠵᠦ᠂ ᠦᠩᠭᠡᠷᠡᠭᠰᠡᠨ ᠰᠠᠷ᠎ᠠ ᠡᠴᠡ ᠪᠠᠨ ᠲᠤᠰᠪᠤᠷᠢ 7 ᠪᠠ 8 ᠪᠡᠷ ᠪᠠᠭᠠᠰᠴᠠᠢ᠃ ᠦᠨ᠎ᠡ ᠨᠢ ᠦᠩᠭᠡᠷᠡᠭᠰᠡᠨ ᠡᠭᠡᠯᠵᠢ ᠡᠴᠡ ᠪᠠᠨ ᠪᠠᠭᠤᠷᠠᠬᠰᠠᠨ ᠬᠤᠲᠠ ᠶᠢᠨ ᠲᠤᠭ᠎ᠠ ᠨᠡᠮᠡᠭᠳᠡᠵᠦ᠂ ᠦᠩᠭᠡᠷᠡᠭᠰᠡᠨ ᠰᠠᠷ᠎ᠠ ᠡᠴᠡ ᠪᠠᠨ ᠲᠤᠰᠪᠤᠷᠢ 4 ᠪᠠ 7 ᠪᠡᠷ ᠨᠡᠮᠡᠭᠳᠡᠵᠡᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
关闭
010070230030000000000000011100001120146103