蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠤᠨ ᠪᠤᠭᠤᠲᠤ ᠬᠤᠲᠠ ᠲᠦᠪ ᠤᠨ ᠠᠵᠤ ᠠᠬᠤᠶᠢᠯᠠᠯ ᠲᠠᠢ 56 ᠬᠠᠮᠲᠤ ᠶᠢᠨ ᠠᠵᠢᠯᠯᠠᠭᠠᠨ ᠤ ᠬᠡᠯᠡᠯᠴᠡᠭᠡᠷ ᠲᠤᠭᠲᠠᠪᠡ

2017-03-01 16:25

    ᠰᠢᠨᠬᠤᠧᠠ ᠨᠧᠲ  ᠪᠡᠭᠡᠵᠢᠩ ᠤᠨ 2 ᠰᠠᠷ᠎ᠠ ᠶᠢᠨ 27 ᠤ ᠡᠳᠦᠷ ᠤᠨ ᠴᠠᠬᠢᠯᠭᠠᠨ ᠮᠡᠳᠡᠭᠡ  27 ᠤ ᠡᠳᠦᠷ ᠤᠨ ᠦᠳᠡ ᠶᠢᠨ ᠬᠤᠶᠢᠨ᠎ᠠ᠂ ᠦᠪᠦᠷ ᠮᠣᠩᠭᠣᠯ ᠤᠨ ᠦᠪᠡᠷᠲᠡᠭᠡᠨ ᠵᠠᠰᠬᠤ ᠤᠷᠤᠨ ᠲᠦᠪ ᠤᠨ ᠠᠵᠤ ᠠᠬᠤᠶᠢᠯᠠᠯ ᠤᠨ ᠪᠠᠶᠢᠯᠳᠤᠬᠤ ᠪᠤᠳᠤᠯᠭ᠎ᠠ ᠶᠢᠨ ᠬᠠᠮᠲᠤ ᠶᠢᠨ ᠠᠵᠢᠯᠯᠠᠭᠠᠨ ᠤ ᠶᠠᠷᠢᠯᠴᠠᠬᠤ ᠬᠤᠷᠠᠯ ᠪᠤᠭᠤᠲᠤ ᠬᠤᠲᠠ ᠶᠢᠨ ᠬᠤᠪᠢᠶᠠᠷᠢ ᠬᠤᠷᠠᠯ ᠤᠨ ᠲᠠᠯᠠᠪᠠᠢ ᠶᠢᠨ ᠠᠵᠢᠯᠯᠠᠭ᠎ᠠ ᠤᠯᠤᠰ ᠤᠨ ᠬᠤᠷᠠᠯ ᠤᠨ ᠲᠦᠪ ᠲᠤ ᠶᠠᠪᠤᠭᠳᠠᠪᠠ᠃ ᠬᠤᠷᠠᠯ ᠳᠤ᠂ ᠪᠤᠭᠤᠲᠤ ᠬᠤᠲᠠ ᠶᠢᠨ ᠵᠠᠰᠠᠭ ᠤᠨ ᠤᠷᠳᠤᠨ᠂ ᠡᠯ᠎ᠠ ᠬᠤᠰᠢᠭᠤ ᠰᠢᠶᠠᠨ ᠲᠤᠭᠤᠷᠢᠭ᠂ ᠪᠤᠭᠤᠲᠤ ᠳᠤ ᠬᠦᠯ ᠲᠤᠭᠲᠠᠭ᠎ᠠ ᠠᠵᠤ ᠠᠬᠤᠶᠢᠯᠠᠯ ᠨᠢ ᠲᠦᠪ ᠤᠨ ᠠᠵᠤ ᠠᠬᠤᠶᠢᠯᠠᠯ᠂ ᠬᠦᠷᠦᠩᠭᠡ ᠤᠷᠤᠭᠤᠯᠤᠯᠲᠠ ᠶᠢᠨ ᠰᠠᠭᠤᠷᠢ ᠮᠦᠩᠭᠦ᠂ ᠮᠦᠩᠬᠦᠨ ᠭᠦᠢᠯᠭᠡᠭᠡᠨ ᠤ ᠪᠠᠶᠢᠭᠤᠯᠤᠮᠵᠢ ᠲᠠᠢ ᠪᠠᠶᠢᠯᠳᠤᠬᠤ ᠪᠤᠳᠤᠯᠭ᠎ᠠ ᠶᠢᠨ ᠬᠠᠮᠲᠤ ᠶᠢᠨ ᠠᠵᠢᠯᠯᠠᠭᠠᠨ ᠤ ᠬᠡᠯᠡᠯᠴᠡᠭᠡᠷ ᠪᠤᠶᠤ56 ᠲᠦᠰᠦᠯ ᠤᠨ ᠬᠦᠷᠦᠩᠭᠡ ᠤᠷᠤᠭᠤᠯᠤᠯᠲᠠ ᠶᠢᠨ ᠬᠡᠯᠡᠯᠴᠡᠭᠡᠷ ᠲᠤᠭᠲᠠᠵᠠᠢ᠃ ᠬᠦᠷᠦᠩᠭᠡ ᠪᠤᠰᠬᠠᠯᠲᠠ ᠨᠢ ᠨᠡᠶᠢᠲᠡ 3470 ᠳ᠋ᠦᠩᠰᠢᠭᠤᠷ ᠲᠦᠬᠦᠷᠢᠭ᠌ ᠲᠤ ᠬᠦᠷᠪᠠ᠃

    ᠲᠦᠰᠦᠯ ᠳᠤ ᠬᠠᠮᠤᠷᠬᠤ ᠡᠬᠢ ᠰᠤᠷᠪᠤᠯᠵᠢ ᠶᠢ ᠶᠡᠷᠦᠩᠬᠡᠶᠢᠯᠡᠨ ᠠᠰᠢᠭᠯᠠᠬᠤ᠂ ᠲᠡᠭᠡᠲᠤ ᠵᠡᠷᠭᠡ ᠶᠢᠨ ᠲᠤᠨᠤᠭ ᠢ ᠦᠢᠯᠡᠳᠬᠦ᠂ ᠳᠡᠳ᠋ ᠪᠦᠲᠦᠴᠡ ᠶᠢ ᠪᠦᠲᠦᠭᠡᠨ ᠪᠠᠶᠢᠭᠤᠯᠬᠤ᠂ ᠴᠡᠷᠢᠭ᠌ ᠠᠷᠠᠳ ᠤᠨ ᠠᠭᠤᠰᠤᠯᠴᠠᠨ ᠬᠦᠭ᠍ᠵᠢᠬᠦ᠂ ᠰᠤᠶᠤᠯ ᠤᠨ ᠦᠢᠯᠡᠰ ᠢ ᠠᠬᠢᠭᠤᠯᠬᠤ ᠪᠤᠯᠤᠨ ᠬᠦᠷᠦᠩᠭᠡ ᠪᠤᠰᠬᠠᠯᠲᠠ ᠶᠢᠨ ᠬᠠᠮᠲᠤ ᠶᠢᠨ ᠠᠵᠢᠯᠯᠠᠭ᠎ᠠ ᠵᠡᠷᠭᠡ ᠬᠦᠷᠢᠶ᠎ᠠ ᠴᠠᠷ᠎᠎ᠠ ᠳᠤ ᠲᠦᠪ ᠤᠨ27 ᠠᠵᠤ ᠠᠬᠤᠶᠢᠯᠠᠯ᠂ ᠤᠯᠤᠰ ᠤᠨ ᠳᠤᠲᠤᠭᠠᠲᠤᠬᠢ14 ᠨᠡᠷᠡᠲᠤ ᠠᠵᠤ ᠠᠬᠤᠶᠢᠯᠠᠯ ᠪᠤᠯᠤᠨ ᠤᠯᠤᠰ ᠳᠠᠶᠠᠭᠠᠷ ᠤᠨ ᠴᠢᠨᠠᠷᠲᠠᠢ 9 ᠮᠦᠩᠭᠦᠨ ᠭᠦᠢᠯᠭᠡᠭᠡᠨ ᠤ ᠪᠠᠶᠢᠭᠤᠯᠤᠮᠵᠢ ᠬᠤᠯᠪᠤᠭᠳᠠᠨ᠎ᠠ᠃ (ᠳᠠᠳᠤᠯᠭ᠎ ᠶᠢᠨ ᠨᠠᠶᠢᠷᠠᠭᠤᠯᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
关闭
010070230030000000000000011120691120551463