蒙古文网站Logo
ᠰᠢᠨᠬᠤᠸᠠ ᠮᠤᠩᠭ᠋ᠤᠯ ᠨᠧᠲ

ᠡᠷᠢᠶᠡᠨ ᠤ ᠪᠤᠭᠤᠮᠲᠠ ᠶᠢᠨ ᠭᠠᠳᠠᠭᠠᠲᠤ ᠠᠷᠠᠯᠵᠢᠶ᠎ᠠ ᠡᠷᠬᠢᠯᠳᠡ ᠶᠢᠨ ᠪᠠᠶᠢᠳᠠᠯ ᠳᠤ ᠤᠷᠤᠪᠠ

2017-03-29 16:22

    2017 ᠤᠨ ᠡᠴᠡ ᠨᠠᠭᠠᠰᠢ᠂ ᠡᠷᠢᠶᠡᠨ ᠤ ᠪᠤᠭᠤᠮᠲᠠ ᠶᠢᠨ ᠭᠠᠳᠠᠭᠠᠲᠤ ᠠᠷᠠᠯᠵᠢᠶ᠎ᠠ ᠡᠷᠬᠢᠯᠳᠡ ᠶᠢᠨ ᠪᠠᠶᠢᠳᠠᠯ ᠳᠤ ᠤᠷᠤᠵᠤ᠂ ᠭᠠᠳᠠᠭᠠᠳᠤ ᠠᠷᠠᠯᠵᠢᠶᠠᠨ ᠤ ᠬᠡᠮᠵᠢᠶ᠎ᠠ ᠲᠤᠭᠳᠠᠭᠤᠨ ᠬᠡᠮᠡᠭᠳᠡᠭᠰᠡᠭᠡᠷ᠃ ᠡᠮᠦᠨ᠎ᠠ ᠬᠤᠶᠠᠷ ᠰᠠᠷ᠎ ᠠ ᠳᠤ ᠡᠷᠢᠶᠡᠨ ᠤ ᠪᠤᠭᠤᠮᠲᠠ ᠶᠢᠨ ᠢᠮᠫᠤᠷᠲ᠋ ᠡᠭᠰᠫᠤᠷᠲ᠋ᠯᠠᠭᠰᠠᠨ ᠪᠠᠷᠠᠭᠠᠨ ᠤ ᠵᠦᠭᠡᠭᠡᠪᠦᠷᠢ ᠶᠢᠨ ᠬᠡᠮᠵᠢᠶ᠎ᠠ 124.1 ᠲᠦᠮᠡᠨ ᠲᠤᠨ ᠳᠤ ᠬᠦᠷᠴᠤ᠂ ᠦᠩᠭᠡᠷᠡᠭᠰᠡᠨ ᠤᠨ ᠤ ᠮᠦᠨ ᠦᠶ᠎ᠠ ᠡᠴᠡ 37.8% ᠪᠡᠷ ᠨᠡᠮᠡᠭᠳᠡᠪᠡ᠃ ᠢᠮᠫᠤᠷᠲ᠋ᠯᠠᠭᠰᠠᠨ ᠪᠠᠷᠠᠭᠠᠨ ᠳᠤ ᠭᠤᠤᠯᠳᠠᠭᠤ ᠮᠠᠯ ᠤᠨ ᠪᠦᠲᠦᠭᠡᠭ᠍ᠲᠡᠬᠦᠨ᠂ ᠵᠠᠰ ᠬᠦᠳᠡᠷ ᠤᠨ ᠠᠭᠤᠷᠬᠠᠢ᠂ ᠲᠡᠮᠦᠷ ᠤᠨ ᠠᠭᠤᠷᠬᠠᠢ᠂ ᠴᠠᠭᠠᠰᠤᠨ ᠤ ᠰᠢᠬᠠᠳᠠᠰᠤ᠂ ᠬᠠᠪᠲᠠᠰᠤ ᠪᠠᠶᠢᠵᠤ᠂ ᠡᠭᠰᠫᠤᠷᠲ᠋ᠯᠠᠭᠰᠠᠨ ᠪᠠᠷᠠᠭᠠᠨ ᠳᠤ ᠭᠤᠤᠯᠳᠠᠭᠤ ᠨᠤᠭᠤᠭᠠᠨ ᠤ ᠲᠤᠰᠤ᠂ ᠪᠠᠷᠢᠯᠠᠭ᠎ᠠ ᠶᠢᠨ ᠮᠠᠲ᠋ᠸᠷᠢᠶᠠᠯ᠂ ᠨᠡᠬᠡᠮᠡᠯ ᠤᠨ ᠪᠦᠲᠦᠭᠡᠭ᠍ᠲᠡᠬᠦᠨ᠂ ᠮᠧᠬᠠᠨᠢᠭ ᠴᠠᠬᠢᠯᠭᠠᠨ ᠤ ᠪᠦᠲᠦᠭᠡᠭ᠍ᠲᠡᠬᠦᠨ᠂ ᠠᠮᠢᠳᠤᠷᠠᠯ ᠤᠨ ᠬᠡᠷᠡᠭᠯᠡᠭᠡᠨ ᠤ ᠪᠦᠲᠦᠭᠡᠭ᠍ᠲᠡᠭᠦᠨ ᠪᠤᠢ᠃ ᠪᠤᠭᠤᠮᠲᠠ ᠳᠠᠪᠠᠭᠰᠠᠨ ᠳᠠᠪᠬᠤᠷᠳᠠᠭᠰᠠᠨ ᠬᠦᠮᠦᠨ ᠤ ᠲᠤᠭ᠎ᠠ 33.5 ᠲᠦᠮᠡᠨ ᠳᠤ ᠬᠦᠷᠴᠤ᠂ ᠦᠩᠭᠡᠷᠡᠭᠰᠡᠨ ᠤᠨ ᠤ ᠮᠦᠨ ᠦᠶ᠎ᠠ ᠶᠢᠨ ᠬᠢ ᠡᠴᠡ 53.3% ᠪᠡᠷ ᠨᠡᠮᠡᠭᠳᠡᠪᠡ᠃ ( ᠳᠠᠳᠤᠯᠭ᠎ᠠ ᠶᠢᠨ ᠨᠠᠶᠢᠷᠠᠭᠤᠯᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠦᠪᠦᠷ ᠮᠣᠩᠭᠣᠯ ᠤᠨ ᠵᠠᠰᠠᠭ ᠤᠨ ᠤᠷᠳᠤᠨ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120718831