蒙古文网站Logo
ᠰᠢᠨᠬᠤᠸᠠ ᠮᠤᠩᠭ᠋ᠤᠯ ᠨᠧᠲ

3 ᠰᠠᠷ᠎ᠠ ᠳᠤ ᠦᠪᠦᠷ ᠮᠣᠩᠭᠣᠯ ᠤᠨ ᠬᠢᠮᠢ ᠢᠢᠨ ᠪᠤᠷᠳᠤᠭᠤᠷ ᠤᠨ ᠦᠨ᠎ᠠ ᠦᠰᠪᠡ

2017-04-11 11:55

    ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠡᠯ᠎ᠠ ᠭᠤᠤᠯ ᠪᠤᠯᠬᠤ ᠠᠮᠤ ᠪᠤᠳᠠᠭᠠᠨ ᠤ ᠲᠤᠭᠤᠷᠢᠭ ᠤᠨ ᠦᠨ᠎ᠠ ᠶᠢᠨ ᠬᠢᠨᠡᠨ ᠬᠡᠮᠵᠢᠯᠲᠡ ᠶᠢᠨ ᠮᠡᠳᠡᠭᠦᠯᠦᠯᠲᠡ ᠶᠢᠨ ᠪᠦᠷᠢᠳᠭᠡᠯ ᠢ ᠦᠨᠳᠦᠰᠦᠯᠡᠪᠡᠯ᠂ 3 ᠰᠠᠷ᠎ᠠ ᠳᠤ ᠦᠪᠦᠷ ᠮᠣᠩᠭᠣᠯ ᠤᠨ ᠲᠠᠷᠢᠶᠠᠯᠠᠩ ᠤᠨ ᠬᠢᠮᠢ ᠶᠢᠨ ᠪᠤᠷᠳᠤᠭᠤᠷ ᠤᠨ ᠦᠨ᠎ᠠ ᠦᠰᠪᠡ᠃

    ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠦᠭᠡᠷᠡᠴᠢᠯᠡᠯᠲᠡ ᠬᠦᠭ᠍ᠵᠢᠭᠦᠯᠦᠯᠲᠠ ᠶᠢᠨ ᠵᠦᠪᠯᠡᠯ ᠤᠨ ᠦᠨ᠎ᠠ ᠬᠠᠩᠰᠢ ᠶᠢᠨ ᠬᠢᠨᠡᠨ ᠪᠠᠶᠢᠴᠠᠭᠠᠯᠲᠠ ᠶᠢᠨ ᠲᠦᠪ ᠤᠨ ᠬᠠᠷᠢᠭᠤᠴᠠᠯᠭᠠᠲᠠᠨ ᠤ ᠲᠠᠨᠢᠯᠴᠠᠭᠤᠯᠤᠭᠰᠠᠨ ᠢᠶᠡᠷ᠂ ᠴᠠᠭ ᠠᠭᠠᠷ ᠤᠨ ᠳᠤᠯᠠᠭᠠᠷᠠᠬᠤ ᠶᠢ ᠳᠠᠭᠠᠯᠳᠤᠨ ᠲᠠᠷᠢᠶᠠᠯᠠᠭ᠎ᠠ ᠶᠢᠨ ᠠᠵᠢᠯᠯᠠᠭ᠎ᠠ ᠠᠭᠠᠵᠢᠮ ᠢᠶᠡᠷ ᠡᠬᠢᠯᠡᠨ᠂ ᠪᠤᠷᠳᠤᠭᠤᠷ ᠤᠨ ᠬᠡᠷᠡᠭᠴᠡᠭᠡ ᠨᠡᠮᠡᠭᠳᠡᠪᠠ᠃ ᠨᠡᠭᠦᠷᠡᠰᠤ ᠵᠡᠷᠭᠡ ᠲᠦᠭᠦᠬᠡᠢ ᠮᠠᠲ᠋ᠸᠷᠢᠶᠠᠯ ᠤᠨ ᠦᠨ᠎ᠠ ᠦᠰᠬᠦ ᠶᠢ ᠳᠠᠭᠠᠯᠳᠤᠨ᠂ 3 ᠰᠠᠷ᠎ᠠ ᠳᠤ ᠦᠪᠦᠷ ᠮᠣᠩᠭᠣᠯ ᠤᠨ ᠬᠢᠮᠢ ᠶᠢᠨ ᠪᠤᠷᠳᠤᠭᠤᠷ ᠤᠨ ᠦᠨ᠎ᠠ ᠶᠡᠷᠦᠩᠬᠡᠢ ᠳᠤ ᠪᠡᠨ ᠦᠰᠪᠡ᠃ ᠡᠭᠦᠨ ᠳᠤ᠂ ᠨᠠᠲ᠋ᠷᠢ ᠶᠢᠨ ᠬᠤᠤᠰ ᠨᠡᠭᠦᠷᠡᠰᠦᠮᠡᠭ᠂ ᠰᠢᠭᠡᠰᠦᠯᠢᠭ ᠡᠳ᠋᠂ ᠹᠤᠰᠹᠤᠷ ᠬᠦᠴᠢᠯ ᠤᠨ ᠬᠤᠶᠠᠷ ᠠᠮᠮᠤᠨᠢ᠂ ᠾᠸᠯᠤᠷᠲᠤ ᠨᠡᠶᠢᠯᠡᠮᠡᠯ ᠪᠤᠷᠳᠤᠭᠤᠷ᠂ ᠬᠦᠬᠦᠷᠲᠤ ᠨᠡᠶᠢᠯᠡᠮᠡᠯ ᠪᠤᠷᠳᠤᠭᠤᠷ ᠤᠨ ᠳᠤᠮᠳᠠᠴᠢ ᠦᠨ᠎ᠠ ᠨᠢ ᠺᠢᠯᠦᠭᠷᠠᠮ ᠪᠦᠷᠢ ᠳᠤ ᠪᠡᠨ 0.69 ᠲᠦᠬᠦᠷᠢᠭ᠌᠂ 1.59 ᠲᠦᠬᠦᠷᠢᠭ᠌᠂ 2.87 ᠲᠦᠬᠦᠷᠢᠭ᠌᠂ 2.61 ᠲᠦᠬᠦᠷᠢᠭ᠌᠂ 2.56 ᠲᠦᠬᠦᠷᠢᠭ᠌ ᠳᠤ ᠬᠦᠷᠴᠤ ᠪᠤᠢ᠃ 2017 ᠤᠨ ᠤ 2 ᠰᠠᠷ᠎ᠠ ᠶᠢᠨ ᠬᠢ ᠲᠠᠢ ᠬᠠᠷᠢᠴᠠᠭᠤᠯᠪᠠᠯ ᠨᠠᠲ᠋ᠷᠢ ᠶᠢᠨ ᠬᠤᠤᠰ ᠨᠡᠭᠦᠷᠡᠰᠦᠮᠡᠭ᠂ ᠰᠢᠭᠡᠰᠦᠯᠢᠭ ᠡᠳ᠋ ᠾᠸᠯᠤᠷᠲᠤ ᠨᠡᠶᠢᠯᠡᠮᠡᠯ ᠪᠤᠷᠳᠤᠭᠤᠷ᠂ ᠬᠦᠬᠦᠷᠲᠤ ᠨᠡᠶᠢᠯᠡᠮᠡᠯ ᠪᠤᠷᠳᠤᠭᠤᠷ ᠤᠨ ᠦᠨ᠎ᠠ ᠲᠤᠰ ᠪᠦᠷᠢ 6.15%᠂ 9.66%᠂ 1.56%᠂ 1.1% ᠪᠡᠷ ᠦᠰᠪᠡ᠂ ᠹᠤᠰᠹᠤᠷ ᠬᠦᠴᠢᠯ ᠤᠨ ᠬᠤᠶᠠᠷ ᠠᠮᠮᠤᠨᠢ ᠶᠢᠨ ᠦᠨ᠎ᠠ 0.35% ᠪᠡᠷ ᠪᠠᠭᠤᠷᠠᠵᠠᠢ᠃ 2016 ᠤᠨ ᠤ 3 ᠰᠠᠷ᠎ᠠ ᠲᠠᠢ ᠬᠠᠷᠢᠭᠤᠴᠠᠯᠪᠠᠯ ᠨᠠᠲ᠋ᠷᠢ ᠶᠢᠨ ᠬᠤᠤᠰ ᠨᠡᠭᠦᠷᠡᠰᠦᠮᠡᠭ᠂ ᠰᠢᠭᠡᠰᠦᠯᠢᠭ ᠡᠳ᠋᠂ ᠾᠸᠯᠤᠷᠲᠤ ᠨᠡᠶᠢᠯᠡᠮᠡᠯ ᠪᠤᠷᠳᠤᠭᠤᠷ᠂ ᠬᠦᠬᠦᠷᠲᠤ ᠨᠡᠶᠢᠯᠡᠮᠡᠯ ᠪᠤᠷᠳᠤᠭᠤᠷ ᠤᠨ ᠦᠨ᠎ᠠ ᠲᠤᠰ ᠪᠦᠷᠢ 1.47%᠂ 3.92%᠂ 6.97%᠂ 1.5% ᠪᠡᠷ ᠦᠰᠴᠤ᠂ ᠹᠤᠰᠹᠤᠷ ᠬᠦᠴᠢᠯ ᠤᠨ ᠬᠤᠶᠠᠷ ᠠᠮᠮᠤᠨᠢ 3.69% ᠪᠡᠷ ᠪᠠᠭᠤᠷᠠᠪᠠ᠃

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120787742