蒙古文网站Logo
ᠰᠢᠨᠬᠤᠸᠠ ᠮᠤᠩᠭ᠋ᠤᠯ ᠨᠧᠲ

ᠴᠢᠶ᠊ᠢᠤ ᠴᠠᠶᠢᠶ᠊ᠢᠤ ᠶᠢᠨ ᠦᠨ᠎ᠡ ᠳᠤ ᠲᠤᠬᠢᠷᠠᠭᠤᠯᠤᠯᠲᠠ ᠬᠢᠬᠦ ᠦᠭᠡᠢ

2017-04-27 09:41

    ᠰᠢᠨᠬᠤᠧᠠ ᠬᠤᠷᠢᠶ᠎ᠠ   ᠪᠡᠭᠡᠵᠢᠩ ᠤᠨ 4 ᠰᠠᠷ᠎ᠠ ᠶᠢᠨ 26 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠠᠨ ᠪᠧᠢ) ᠤᠯᠤᠰ ᠤᠨ ᠬᠦᠭᠵᠢᠭᠦᠯᠦᠯᠲᠡ ᠦᠭᠡᠷᠡᠴᠢᠯᠡᠯᠲᠡ ᠶᠢᠨ ᠵᠦᠪᠯᠡᠯ 26 ᠤ ᠡᠳᠦᠷ ᠬᠡᠯᠡᠬᠦ ᠳᠤ ᠪᠡᠨ᠂ ᠤᠳᠤᠬᠠᠨ ᠤ ᠤᠯᠤᠰ ᠤᠨ ᠳᠤᠲᠤᠭᠠᠳᠤ ᠳ᠋ᠡᠬᠢ ᠪᠡᠯᠡᠨ ᠲᠤᠰᠤᠨ ᠤ ᠦᠨ᠎ᠡ ᠶᠢᠨ ᠲᠤᠭᠲᠠᠯᠴᠠᠭᠠᠨ ᠤ ᠬᠢᠨᠠᠨ ᠲᠤᠭᠠᠴᠠᠯᠠᠭᠰᠠᠨ ᠡᠴᠡ ᠦᠵᠡᠪᠡᠯ ᠡᠨᠡ ᠤᠳᠠᠭ᠎ᠠ ᠴᠢᠶ᠊ᠢᠤ ᠴᠠᠶᠢᠶ᠊ᠢᠤ ᠶᠢᠨ ᠦᠨ᠎ᠡ ᠳᠤ ᠲᠤᠬᠢᠷᠠᠭᠤᠯᠤᠯᠲᠠ ᠬᠢᠬᠦ ᠦᠭᠡᠢ ᠭᠡᠵᠠᠢ᠃

    ᠬᠦᠭᠵᠢᠭᠦᠯᠦᠯᠲᠡ ᠦᠭᠡᠷᠡᠴᠢᠯᠡᠯᠲᠡ ᠶᠢᠨ ᠵᠦᠪᠯᠡᠯ 2017 ᠤᠨ ᠤ 4 ᠰᠠᠷ᠎ᠠ ᠶᠢᠨ 12 ᠤᠨ ᠡᠳᠦᠷ ᠤᠯᠤᠰ ᠤᠨ ᠲᠤᠲᠤᠭᠠᠳᠤ ᠳ᠋ᠡᠬᠢ ᠪᠡᠯᠡᠨ ᠲᠤᠰᠤᠨ ᠤ ᠦᠨ᠎ᠡ ᠳᠦ ᠲᠤᠬᠢᠷᠠᠭᠤᠯᠤᠯᠲᠠ ᠬᠢᠭᠰᠡᠨ ᠡᠴᠡ ᠨᠠᠰᠢ᠂ ᠤᠯᠠᠨ ᠤᠯᠤᠰ ᠤᠨ ᠵᠠᠬ᠎ᠠ ᠳᠡᠯᠭᠡᠭᠦᠷ ᠤᠨ ᠲᠤᠰᠤᠨ ᠤ ᠦᠨ᠎ᠡ ᠪᠠᠭ᠎ᠠ ᠬᠡᠪᠴᠢᠶᠡᠨ ᠤ ᠬᠡᠯᠪᠡᠯᠵᠡᠯ ᠲᠠᠢ᠂ ᠤᠳᠤᠬᠠᠨ ᠤ ᠤᠯᠤᠰ ᠤᠨ ᠳᠤᠲᠤᠭᠠᠳᠤ ᠳ᠋ᠡᠬᠢ ᠪᠡᠯᠡᠨ ᠲᠤᠰᠤᠨ ᠤ ᠦᠨ᠎ᠡ ᠶᠢᠨ ᠲᠤᠭᠲᠠᠯᠴᠠᠭ᠎ᠠ ᠶᠢᠨ ᠬᠢᠨᠠᠨ ᠲᠤᠭᠠᠴᠠᠯᠠᠭᠰᠠᠨ ᠢᠶᠡᠷ᠂ 4 ᠰᠠᠷ᠎ᠠ ᠶᠢᠨ 26 ᠡᠴᠡ ᠡᠮᠦᠨᠡᠬᠢ 10 ᠠᠵᠢᠯᠯᠠᠬᠤ ᠡᠳᠦᠷ ᠤᠨ ᠳᠤᠮᠳᠠᠴᠢ ᠦᠨ᠎ᠡ ᠶᠢ 4 ᠰᠠᠷ᠎ᠠ ᠶᠢᠨ 12 ᠡᠴᠡ ᠡᠮᠦᠨᠡᠬᠢ 10 ᠠᠵᠢᠯᠯᠠᠬᠤ ᠡᠳᠦᠷ ᠤᠨ ᠳᠤᠮᠳᠠᠴᠢ ᠦᠨ᠎ᠡ ᠲᠠᠢ ᠬᠠᠷᠢᠴᠠᠭᠤᠯᠪᠠᠯ᠂ ᠲᠤᠬᠢᠷᠠᠭᠤᠯᠤᠯᠲᠠ ᠶᠢᠨ ᠦᠨ᠎ᠡ ᠨᠢ ᠲᠤᠨ ᠪᠦᠷᠢ ᠳᠦ ᠪᠠᠨ 50 ᠲᠦᠭᠦᠷᠢᠭ ᠬᠦᠷᠬᠦ ᠦᠭᠡᠢ᠃ 《ᠴᠢᠯᠠᠭᠤᠨ ᠲᠤᠰᠤᠨ ᠤ ᠦᠨ᠎ᠡ ᠶᠢᠨ ᠬᠠᠮᠢᠶᠠᠷᠤᠯᠲᠠ ᠶᠢᠨ ᠠᠷᠭ᠎ᠠ 》  ᠶᠢᠨ ᠳᠤᠯᠤᠳᠤᠭᠠᠷ ᠲᠤᠭᠲᠠᠭᠠᠯ ᠢ ᠦᠨᠳᠦᠰᠦᠯᠡᠪᠡᠯ᠂ ᠡᠨᠡ ᠤᠳᠠᠭ᠎ᠠ ᠴᠢᠶ᠊ᠢᠤ ᠴᠠᠶᠢᠶ᠊ᠢᠤ ᠶᠢᠨ ᠦᠨ᠎ᠡ ᠳᠦ ᠲᠤᠬᠢᠷᠠᠭᠤᠯᠤᠯᠲᠠ ᠬᠢᠬᠦ ᠦᠭᠡᠢ᠂ ᠲᠤᠬᠢᠷᠠᠭᠤᠯᠤᠭᠰᠠᠨ ᠦᠭᠡᠢ ᠦᠨ᠎ᠡ ᠶᠢ ᠳᠠᠷᠠᠭ᠎ᠠ ᠤᠳᠠᠭᠠᠨ ᠤ ᠦᠨ᠎ᠡ ᠶᠢᠨ ᠲᠤᠬᠢᠷᠠᠭᠤᠯᠤᠯᠲᠠ ᠳᠦ ᠲᠡᠩᠴᠡᠭᠦᠯᠬᠦ ᠪᠤᠶᠤ ᠨᠡᠮᠡᠵᠦ ᠤᠷᠤᠭᠤᠯᠤᠨ᠎ᠠ ᠭᠡᠵᠠᠢ᠃

    ᠦᠨᠦ ᠵᠢᠯ ᠤᠨ ᠪᠠᠶᠢᠳᠠᠯ ᠢᠶᠡᠷ ᠤᠳᠤ ᠪᠤᠯᠳᠠᠯ᠎ᠠ ᠴᠢᠶ᠊ᠢᠤ ᠴᠠᠶᠢᠶ᠊ᠢᠤ ᠶᠢᠨ ᠦᠨ᠎ᠡ ᠳᠦ 8 ᠤᠳᠠᠭ᠎ᠠ ᠲᠤᠬᠢᠷᠠᠭᠤᠯᠤᠯᠲᠠ ᠬᠢᠭᠰᠡᠨ ᠪᠠᠶᠢᠨ᠎ᠠ᠃ ᠡᠭᠦᠨ ᠳᠦ᠂ 3 ᠤᠳᠠᠭ᠎ᠠ ᠪᠠᠭᠤᠷᠠᠭᠤᠯᠵᠤ᠂ 3 ᠤᠳᠠᠭ᠎ᠠ ᠦᠰᠬᠡᠨ᠂ 2 ᠤᠳᠠᠭ᠎ᠠ 《ᠭᠠᠵᠠᠷᠲᠠᠭᠤᠯᠵᠠᠢ》᠃ ᠡᠨᠡ ᠵᠢᠯ ᠡᠴᠡ ᠨᠠᠰᠢ᠂ ᠴᠢᠶ᠊ᠢᠤ ᠴᠠᠶᠢᠶ᠊ᠢᠤ ᠶᠢᠨ ᠦᠨ᠎ᠡ ᠶᠡᠷᠦᠩᠬᠡᠢ ᠳᠤ ᠪᠡᠨ ᠳᠤᠨ ᠪᠦᠷᠢ ᠳᠦ ᠳᠤᠮᠳᠠᠴᠢ ᠪᠡᠷ 65 ᠲᠦᠭᠦᠷᠢᠭ ᠪᠠᠭᠤᠷᠠᠵᠠᠢ᠃ (ᠳᠠᠳᠤᠯᠭ᠎ᠠ ᠶᠢᠨ ᠰᠤᠷᠤᠭᠴᠢ ᠲᠠᠨ᠎ᠠ ᠤᠷᠴᠢᠭᠤᠯᠪᠠ)

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011100001120881920