蒙古文网站Logo
ᠰᠢᠨᠬᠤᠸᠠ ᠮᠤᠩᠭ᠋ᠤᠯ ᠨᠧᠲ

ᠡᠮᠦᠨ᠎ᠠ 4 ᠰᠠᠷ᠎ᠠ ᠳᠤ ᠦᠪᠦᠷ ᠮᠣᠩᠭᠣᠯ ᠤᠨ 500 ᠲᠦᠮᠡᠨ ᠲᠦᠬᠦᠷᠢᠭ᠌ ᠡᠴᠡ ᠳᠡᠭᠡᠭ᠍ᠰᠢᠬᠢ ᠲᠦᠰᠦᠯ ᠤᠨ ᠬᠦᠷᠦᠩᠭᠡ ᠤᠷᠤᠭᠤᠯᠤᠯᠲᠠ ᠦᠩᠭᠡᠷᠡᠭᠰᠡᠨ ᠤᠨ ᠤ ᠮᠦᠨ ᠦᠶ᠎ᠠ ᠡᠴᠡ 12.4% ᠪᠡᠷ ᠨᠡᠮᠡᠭᠳᠡᠪᠡ

2017-05-23 11:53

    ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠲᠤᠭ᠎ᠠ ᠪᠦᠷᠢᠳᠭᠡᠯ ᠤᠨ ᠲᠤᠪᠴᠢᠶ᠎ᠠ ᠡᠴᠡ ᠬᠠᠮᠤᠭ ᠤᠨ ᠰᠢᠨ᠎ᠠ ᠪᠦᠷᠢᠳᠭᠡᠯ ᠢ ᠨᠡᠶᠢᠲᠡᠯᠡᠪᠡ᠃ ᠦᠨᠦ ᠵᠢᠯ 1 ᠡᠴᠡ 4 ᠰᠠᠷ᠎ᠠ ᠪᠤᠯᠲᠠᠯ᠎ᠠ᠂ ᠤᠷᠤᠨ ᠳᠠᠶᠠᠭᠠᠷ ᠤᠨ 500 ᠲᠦᠮᠡᠨ ᠲᠦᠬᠦᠷᠢᠭ᠌ ᠡᠴᠡ ᠳᠡᠭᠡᠭ᠍ᠰᠢᠬᠢ ᠲᠦᠰᠦᠯ ᠤᠨ ᠲᠤᠭᠲᠠᠮᠠᠯ ᠬᠦᠷᠦᠩᠭᠡ ᠶᠢᠨ ᠬᠦᠷᠦᠩᠭᠡ ᠤᠷᠤᠭᠤᠯᠤᠯᠲᠠ 1906.47 ᠳ᠋ᠦᠩᠰᠢᠭᠤᠷ ᠲᠦᠬᠦᠷᠢᠭ᠌ ᠲᠤ ᠬᠦᠷᠴᠤ᠂ ᠦᠩᠭᠡᠷᠡᠭᠰᠡᠨ ᠤᠨ ᠤ ᠮᠦᠨ ᠦᠶ᠎ᠠ ᠡᠴᠡ 12.4% ᠪᠡᠷ ᠨᠡᠮᠡᠭᠳᠡᠵᠠᠢ᠃ ᠨᠡᠮᠡᠭᠳᠡᠴᠡ ᠶᠢᠨ ᠬᠤᠷᠳᠤᠴᠠ ᠨᠢ ᠠᠳᠠᠯᠢ ᠬᠤᠭᠤᠴᠠᠭᠠᠨ ᠳᠡᠬᠢ ᠤᠯᠤᠰ ᠳᠠᠶᠠᠭᠠᠷ ᠤᠨ ᠳᠤᠮᠳᠠᠴᠢ ᠬᠢᠷᠢ ᠲᠦᠪᠰᠢᠨ ᠡᠴᠡ ᠵᠠᠭᠤᠨ ᠤ ᠬᠠᠷᠢᠴᠠᠯ ᠢᠶᠡᠷ 3.5 ᠬᠤᠷᠳᠤᠨ᠃

    ᠡᠭᠦᠨ ᠳᠤ᠂ ᠢᠷᠭᠡᠳ ᠤᠨ ᠬᠦᠷᠦᠩᠭᠡ ᠤᠷᠤᠭᠤᠯᠤᠯᠲᠠ 949.81 ᠳ᠋ᠦᠩᠰᠢᠭᠤᠷ ᠲᠦᠬᠦᠷᠢᠭ᠌᠂ ᠦᠩᠭᠡᠷᠡᠭᠰᠡᠨ ᠤᠨ ᠤ ᠮᠦᠨ ᠦᠶ᠎ᠠ ᠡᠴᠡ 8.3% ᠪᠡᠷ ᠨᠡᠮᠡᠭᠳᠡᠨ᠂ ᠨᠡᠮᠡᠭᠳᠡᠴᠡ ᠶᠢᠨ ᠬᠤᠷᠳᠤᠴᠠ ᠨᠢ ᠠᠳᠠᠯᠢ ᠬᠤᠭᠤᠴᠠᠭᠠᠨ ᠤ ᠤᠯᠤᠰ ᠳᠠᠶᠠᠭᠠᠷ ᠤᠨ ᠳᠤᠮᠳᠠᠴᠢ ᠬᠢᠷᠢ ᠲᠦᠪᠰᠢᠨ ᠡᠴᠡ ᠵᠠᠭᠤᠨ ᠤ ᠬᠠᠷᠢᠴᠠᠯ ᠢᠶᠡᠷ 1.4 ᠬᠤᠷᠳᠤᠨ᠃ ᠭᠤᠷᠪᠠᠨ ᠠᠵᠤ ᠦᠢᠯᠡᠰ ᠤᠨ ᠬᠦᠷᠦᠩᠭᠡ ᠤᠷᠤᠭᠤᠯᠤᠯᠲᠠ ᠡᠴᠡ ᠠᠪᠴᠤ ᠦᠵᠡᠪᠡᠯ᠂ ᠨᠢᠭᠡᠳᠦᠭᠡᠷ ᠠᠵᠤ ᠦᠢᠯᠡᠰ ᠤᠨ ᠬᠦᠷᠦᠩᠭᠡ ᠤᠷᠤᠭᠤᠯᠤᠯᠲᠠ ᠦᠩᠭᠡᠷᠡᠭᠰᠡᠨ ᠤᠨ ᠤ ᠮᠦᠨ ᠦᠶ᠎ᠠ ᠡᠴᠡ 1.06 ᠲᠠᠬᠢᠨ ᠢᠶᠡᠷ ᠨᠡᠮᠡᠭᠳᠡᠵᠤ᠂ ᠬᠤᠶᠠᠳᠤᠭᠠᠷ ᠠᠵᠤ ᠦᠢᠯᠡᠰ ᠤᠨ ᠬᠦᠷᠦᠩᠭᠡ ᠤᠷᠤᠭᠤᠯᠤᠯᠲᠠ ᠦᠩᠭᠡᠷᠡᠭᠰᠡᠨ ᠤᠨ ᠤ ᠮᠦᠨ ᠦᠶ᠎ᠠ ᠡᠴᠡ 0.4% ᠪᠡᠷ ᠪᠠᠭᠤᠷᠠᠨ᠂ ᠭᠤᠷᠪᠠᠳᠤᠭᠠᠷ ᠠᠵᠤ ᠦᠢᠯᠡᠰ ᠤᠨ ᠬᠦᠷᠦᠩᠭᠡ ᠤᠷᠤᠭᠤᠯᠤᠯᠲᠠ ᠦᠩᠭᠡᠷᠡᠭᠰᠡᠨ ᠤᠨ ᠤ ᠮᠦᠨ ᠦᠶ᠎ᠠ ᠡᠴᠡ 21.4% ᠪᠡᠷ ᠨᠡᠮᠡᠭᠳᠡᠪᠡ᠃ ᠲᠡᠳ᠋ ᠪᠦᠲᠦᠴᠡ ᠶᠢᠨ ᠬᠦᠷᠦᠩᠭᠡ ᠤᠷᠤᠭᠤᠯᠤᠯᠲᠠ ᠡᠴᠡ ᠠᠪᠴᠤ ᠦᠵᠡᠪᠠᠯ᠂ 1 ᠡᠴᠡ 4 ᠰᠠᠷ᠎ᠠ ᠳᠤ᠂ ᠤᠷᠤᠨ ᠳᠠᠶᠠᠭᠠᠷ ᠤᠨ ᠳᠡᠳ᠋ ᠪᠦᠲᠦᠴᠡ ᠶᠢᠨ ᠬᠦᠷᠦᠩᠭᠡ ᠤᠷᠤᠭᠤᠯᠤᠯᠲᠠ 682.47 ᠳ᠋ᠦᠩᠰᠢᠭᠤᠷ ᠲᠦᠬᠦᠷᠢᠭ᠌ ᠢ ᠪᠡᠶᠡᠯᠡᠭᠦᠯᠵᠤ᠂ ᠦᠩᠭᠡᠷᠡᠭᠰᠡᠨ ᠤᠨ ᠤ ᠮᠦᠠ ᠦᠶ᠎ᠠ ᠡᠴᠡ 26.4% ᠪᠡᠷ ᠨᠡᠮᠡᠭᠳᠡᠵᠤ᠂ ᠨᠡᠮᠡᠭᠳᠡᠴᠡ ᠶᠢᠨ ᠬᠤᠷᠳᠤᠴᠠ ᠠᠳᠠᠯᠢ ᠬᠤᠭᠤᠴᠠᠭᠠᠨ ᠳᠡᠬᠢ ᠤᠯᠤᠰ ᠳᠠᠶᠠᠭᠠᠷ ᠤᠨ ᠳᠤᠮᠳᠠᠴᠢ ᠬᠢᠷᠢ ᠲᠦᠪᠰᠢᠨ ᠡᠴᠡ ᠵᠠᠭᠤᠨ ᠤ ᠬᠠᠷᠢᠴᠠᠯ ᠢᠶᠡᠷ 3.1 ᠬᠤᠷᠳᠤᠨ᠃ ᠭᠤᠤᠯ ᠪᠤᠯᠬᠤ ᠬᠦᠷᠦᠩᠭᠡ ᠤᠷᠤᠭᠤᠯᠤᠯᠲᠠ ᠶᠢᠨ ᠠᠵᠢᠯ ᠲᠦᠷᠦᠯ ᠡᠴᠡ ᠠᠪᠴᠤ ᠦᠵᠡᠪᠡᠯ᠂ ᠪᠦᠭᠡᠮ ᠢᠶᠡᠷ ᠵᠢᠵᠢᠭᠯᠡᠨ ᠪᠤᠷᠤᠯᠠᠭᠤᠯᠬᠤ ᠠᠵᠢᠯ ᠲᠦᠷᠦᠯ ᠤᠨ ᠬᠦᠷᠦᠩᠭᠡ ᠤᠷᠤᠭᠤᠯᠤᠯᠲᠠ ᠦᠩᠭᠡᠷᠡᠭᠰᠡᠨ ᠤᠨ ᠤ ᠮᠦᠨ ᠦᠶ᠎ᠠ ᠡᠴᠡ 34.3% ᠪᠡᠷ ᠨᠡᠮᠡᠭᠳᠡᠵᠤ᠂ ᠮᠦᠩᠭᠦᠨ ᠭᠦᠢᠯᠭᠡᠭᠡᠨ ᠤ ᠠᠵᠢᠯ ᠲᠦᠷᠦᠯ ᠤᠨ ᠬᠦᠷᠦᠩᠭᠡ ᠤᠷᠤᠭᠤᠯᠤᠯᠲᠠ ᠦᠩᠭᠡᠷᠡᠭᠰᠡᠨ ᠤᠨ ᠤ ᠮᠦᠨ ᠦᠶ᠎ᠠ ᠡᠴᠡ 36.6% ᠪᠡᠷ ᠨᠡᠮᠡᠭᠳᠡᠪᠠ᠃ ᠪᠠᠷᠢᠯᠭ᠎ᠠ ᠶᠢᠨ ᠬᠦᠷᠦᠩᠭᠡ ᠤᠷᠤᠭᠤᠯᠤᠯᠲᠠ ᠶᠢᠨ ᠲᠦᠰᠦᠯ ᠡᠴᠡ ᠠᠪᠴᠤ ᠦᠵᠡᠪᠡᠯ᠂ 1 ᠡᠴᠡ 4 ᠰᠠᠷ᠎ᠠ ᠳᠤ᠂ ᠤᠷᠤᠨ ᠳᠠᠶᠠᠭᠠᠷ ᠨᠡᠶᠢᠲᠡ4901 ᠪᠠᠷᠢᠯᠭ᠎ᠠ ᠶᠢᠨ ᠲᠦᠰᠦᠯ ᠢ ᠬᠡᠷᠡᠭᠵᠢᠭᠦᠯᠵᠤ᠂ ᠦᠩᠭᠡᠷᠡᠭᠰᠡᠨ ᠤᠨ ᠤ ᠮᠦᠨ ᠦᠶ᠎ᠠ ᠡᠴᠡ 21.9% ᠪᠡᠷ ᠨᠡᠮᠡᠭᠳᠡᠵᠠᠢ᠂ ᠦᠨᠦ ᠵᠢᠯ 1500 ᠲᠦᠰᠦᠯ ᠢ ᠠᠰᠢᠭᠯᠠᠯᠲᠠ ᠳᠤ ᠤᠷᠤᠭᠤᠯᠬᠤ ᠪᠡᠷ ᠪᠠᠶᠢᠵᠤ᠂ ᠦᠩᠭᠡᠷᠡᠭᠰᠡᠨ ᠤᠨ ᠤ ᠮᠦᠨ ᠦᠶ᠎ᠠ ᠡᠴᠡ 69.1% ᠪᠡᠷ ᠨᠡᠮᠡᠭᠳᠡᠨ᠎ᠠ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
关闭
010070230030000000000000011100001121020001