蒙古文网站Logo
ᠰᠢᠨᠬᠤᠸᠠ ᠮᠤᠩᠭ᠋ᠤᠯ ᠨᠧᠲ

ᠪᠠᠶᠠᠨᠨᠠᠭᠤᠷ ᠬᠤᠲᠠ ᠶᠢᠨ ᠲᠤᠭᠲᠠᠮᠠᠯ ᠬᠦᠷᠦᠩᠭᠡ ᠶᠢᠨ ᠬᠦᠷᠦᠩᠭᠡ ᠤᠷᠤᠭᠤᠯᠤᠯᠲᠠ 242 ᠳ᠋ᠦᠩᠰᠢᠭᠤᠷ ᠲᠦᠬᠦᠷᠢᠭ᠌ ᠲᠤ ᠬᠦᠷᠴᠤ ᠦᠩᠭᠡᠷᠡᠭᠰᠨ ᠤᠨ ᠤ ᠮᠦᠨ ᠦᠶ᠎ᠠ ᠡᠴᠡ 13.8% ᠪᠡᠷ ᠨᠡᠮᠡᠭᠳᠡᠪᠠ

2017-06-28 11:21

    ᠲᠦᠷᠦᠭᠦᠬᠡᠨ᠂ ᠰᠤᠷᠪᠤᠯᠵᠢᠯᠠᠭᠴᠢ ᠬᠠᠮᠢᠶ᠎ᠠ ᠪᠦᠬᠦᠢ ᠰᠠᠯᠠᠭ᠎ᠠ ᠮᠦᠴᠢᠷ ᠡᠴᠡ ᠤᠶᠢᠯᠠᠭᠠᠭᠰᠠᠨ ᠢᠶᠡᠷ᠂ ᠦᠨᠦ ᠵᠢᠯ ᠤᠨ 1 ᠡᠴᠡ 5 ᠰᠠᠷ᠎ᠠ ᠳᠤ᠂ ᠪᠠᠶᠠᠨᠨᠠᠭᠤᠷ ᠬᠤᠲᠠ ᠶᠢᠨ ᠲᠤᠭᠲᠠᠮᠠᠯ ᠬᠦᠷᠦᠩᠭᠡ ᠶᠢᠨ ᠬᠦᠷᠦᠩᠭᠡ ᠤᠷᠤᠭᠤᠯᠤᠯᠲᠠ 242 ᠳ᠋ᠦᠩᠰᠢᠭᠤᠷ ᠲᠦᠬᠦᠷᠢᠭ᠌ ᠲᠤ ᠬᠦᠷᠴᠤ ᠦᠩᠭᠡᠷᠡᠭᠰᠨ ᠤᠨ ᠤ ᠮᠦᠨ ᠦᠶ᠎ᠠ ᠡᠴᠡ 13.8% ᠪᠡᠷ ᠨᠡᠮᠡᠭᠳᠡᠪᠠ᠃

    ᠠᠵᠤ ᠦᠢᠯᠡᠰ ᠬᠤᠪᠢᠶᠠᠨ ᠦᠵᠡᠪᠡᠯ᠂ ᠨᠢᠭᠡᠳᠦᠭᠡᠷ ᠠᠵᠤ ᠦᠢᠯᠡᠰ ᠲᠤ 15.9 ᠳ᠋ᠦᠩᠰᠢᠭᠤᠷ ᠲᠦᠬᠦᠷᠢᠭ᠌ ᠤᠨ ᠬᠦᠷᠦᠩᠭᠡ ᠤᠷᠤᠭᠤᠯᠤᠯᠲᠠ ᠬᠢᠵᠤ᠂ ᠦᠩᠭᠡᠷᠡᠭᠰᠡᠨ ᠤᠨ ᠤ ᠮᠦᠨ ᠦᠶ᠎ᠠ ᠡᠴᠡ 25.0% ᠢᠶᠡᠷ ᠨᠡᠮᠡᠭᠳᠡᠪᠠ᠃ ᠬᠤᠶᠠᠳᠤᠭᠠᠷ ᠠᠵᠤ ᠦᠢᠯᠡᠰ ᠲᠤ 117.4 ᠳ᠋ᠦᠩᠰᠢᠭᠤᠷ ᠲᠦᠬᠦᠷᠢᠭ᠌ ᠤᠨ ᠬᠦᠷᠦᠩᠭᠡ ᠤᠷᠤᠭᠤᠯᠤᠯᠲᠠ ᠬᠢᠵᠤ᠂ ᠦᠩᠭᠡᠷᠡᠭᠰᠡᠨ ᠤᠨ ᠤ ᠮᠦᠨ ᠦᠶ᠎ᠠ ᠡᠴᠡ 14.1% ᠪᠡᠷ ᠨᠡᠮᠡᠭᠳᠡᠵᠠᠢ᠂ ᠡᠭᠦᠨ ᠳᠤ᠂ ᠠᠵᠤ ᠦᠢᠯᠡᠳᠪᠦᠷᠢ ᠶᠢᠨ ᠬᠦᠷᠦᠩᠭᠡ ᠤᠷᠤᠭᠤᠯᠤᠯᠲᠠ 117.4 ᠳ᠋ᠦᠩᠰᠢᠭᠤᠷ ᠲᠦᠬᠦᠷᠢᠭ᠌ ᠲᠤ ᠬᠦᠷᠴᠤ᠂ ᠦᠩᠭᠡᠷᠡᠭᠰᠡᠨ ᠤᠨ ᠤ ᠮᠦᠨ ᠦᠶ᠎ᠠ ᠡᠴᠡ 13.1% ᠪᠡᠷ ᠨᠡᠮᠡᠭᠳᠡᠪᠠ᠃ ᠭᠤᠷᠪᠠᠳᠤᠭᠠᠷ ᠠᠵᠤ ᠦᠢᠯᠡᠰ ᠲᠤ 109.3ᠳ᠋ᠦᠩᠰᠢᠭᠤᠷ ᠲᠦᠬᠦᠷᠢᠭ᠌ ᠤᠨ ᠬᠦᠷᠦᠩᠭᠡ ᠤᠷᠤᠭᠤᠯᠤᠯᠲᠠ ᠬᠢᠵᠤ᠂ ᠦᠩᠭᠡᠷᠡᠭᠰᠡᠨ ᠤᠨ ᠤ ᠮᠦᠨ ᠦᠶ᠎ᠠ ᠡᠴᠡ 12.1% ᠪᠡᠷ ᠨᠡᠮᠡᠭᠳᠡᠵᠠᠢ᠃ ᠬᠦᠷᠦᠩᠭᠡ ᠮᠦᠩᠭᠦ ᠪᠦᠷᠢᠳᠦᠭᠰᠡᠨ ᠪᠠᠶᠢᠳᠠᠯ ᠡᠴᠡ ᠠᠪᠴᠤ ᠦᠵᠡᠪᠡᠯ᠂ ᠬᠤᠲᠠ ᠳᠠᠶᠠᠭᠠᠷ ᠤᠨ ᠬᠦᠷᠦᠩᠭᠡ ᠤᠷᠤᠭᠤᠯᠤᠭᠰᠠᠨ ᠮᠦᠩᠭᠦ 235.5 ᠳ᠋ᠦᠩᠰᠢᠭᠤᠷ ᠲᠦᠬᠦᠷᠢᠭ᠌ ᠪᠡᠯᠡᠨ ᠪᠤᠯᠵᠤ᠂ ᠦᠩᠭᠡᠷᠡᠭᠰᠡᠨ ᠤᠨ ᠤ ᠮᠦᠨ ᠦᠶ ᠠ ᠡᠴᠡ 6.3% ᠪᠡᠷ ᠨᠡᠮᠡᠭᠳᠡᠭᠰᠡᠨ ᠪᠠᠶᠢᠨ᠎ᠠ᠃ ᠡᠭᠦᠨ ᠳᠤ᠂ ᠤᠯᠤᠰ ᠤᠨ ᠲᠦᠰᠦᠪ ᠳᠤᠲᠤᠷᠠᠬᠢ 53.1 ᠳ᠋ᠦᠩᠰᠢᠭᠤᠷ ᠲᠦᠬᠦᠷᠢᠭ᠌ ᠨᠢᠭᠡᠨᠲᠡ ᠪᠡᠯᠡᠨ ᠪᠤᠯᠵᠤ᠂ ᠦᠩᠭᠡᠷᠡᠭᠰᠡᠨ ᠤᠨ ᠤ ᠮᠦᠨ ᠦᠶ᠎ᠠ ᠡᠴᠡ 21.7% ᠪᠡᠷ ᠨᠡᠮᠡᠭᠳᠡᠪᠠ᠃

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121225912