蒙古文网站Logo
ᠰᠢᠨᠬᠤᠸᠠ ᠮᠤᠩᠭ᠋ᠤᠯ ᠨᠧᠲ

ᠲᠦᠷᠦᠭᠦᠦ ᠬᠠᠭᠠᠰ ᠵᠢᠯ ᠳᠤ ᠤᠯᠠᠭᠠᠨᠬᠠᠳᠠ ᠬᠤᠲᠠ ᠶᠢᠨ ᠮᠠᠯᠴᠢᠳ ᠤᠨ ᠣᠷᠣᠯᠭ᠎ᠠ 8.2% ᠢ᠋ᠶᠡᠷ ᠨᠡᠮᠡᠭᠳᠡᠪᠡ

2017-07-25 11:04

    ᠤᠯᠤᠰ ᠤᠨ ᠲᠤᠭ᠎ᠠ ᠪᠦᠷᠢᠳᠬᠡᠯ ᠤᠨ ᠲᠣᠪᠴᠢᠶᠠᠨ ᠤ ᠤᠯᠠᠭᠠᠨᠬᠠᠳᠠ ᠪᠠᠶᠢᠴᠠᠭᠠᠬᠤ ᠠᠩᠬᠢ ᠶᠢᠨ ᠦᠯᠢᠭᠡᠷ ᠠᠪᠤᠭᠰᠠᠨ ᠪᠠᠶᠢᠴᠠᠭᠠᠯᠲᠠ ᠶᠢ ᠦᠨᠳᠦᠰᠦᠯᠡᠪᠡᠯ᠂ 2017 ᠣᠨ ᠤ ᠲᠦᠷᠦᠭᠦᠦ ᠬᠠᠭᠠᠰ ᠵᠢᠯ ᠳᠤ᠂ ᠤᠯᠠᠭᠠᠨᠬᠠᠳᠠ ᠬᠤᠲᠠ ᠶᠢᠨ ᠮᠠᠯᠵᠢᠬᠤ ᠣᠷᠣᠨ ᠳᠤ ᠪᠠᠶᠢᠩᠭ᠋ᠤ ᠰᠠᠭᠤᠭ᠎ᠠ ᠰᠠᠭᠤᠭᠠᠯᠢ ᠠᠷᠠᠳ ᠤᠨ ᠬᠥᠮᠦᠨ ᠪᠦᠷᠢ ᠶᠢᠨ ᠡᠵᠡᠮᠳᠡᠵᠦ ᠪᠣᠯᠬᠤ ᠳᠤᠮᠳᠠᠴᠢ ᠣᠷᠣᠯᠭ᠎ᠠ ᠨᠢ 4945 ᠲᠥᠭᠦᠷᠢᠭ᠌ ᠲᠤ ᠬᠦᠷᠴᠦ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 375 ᠲᠥᠭᠦᠷᠢᠭ᠌ ᠪᠤᠶᠤ 8.2% ᠢᠶᠡᠷ ᠨᠡᠮᠡᠭᠳᠡᠪᠡ᠃ ᠮᠠᠯᠴᠢᠳ ᠤᠨ ᠣᠷᠣᠯᠭ᠎ᠠ ᠲᠣᠭᠲᠠᠭᠤᠨ ᠪᠥᠭᠡᠳ ᠨᠡᠯᠢᠶᠡᠳ ᠲᠦᠷᠭᠡᠨ ᠨᠡᠮᠡᠭᠳᠡᠭᠰᠡᠨ ᠭᠤᠣᠯ ᠰᠢᠯᠲᠠᠭᠠᠨ  ᠢ ᠳᠤᠤᠷᠠᠬᠢ ᠮᠡᠲᠤ ᠳᠥᠷᠪᠡᠨ ᠲᠠᠯ᠎ᠠ ᠡᠴᠡ ᠤᠶᠢᠯᠠᠭᠠᠵᠤ ᠪᠤᠯᠤᠨ᠎ᠠ᠃ ᠨᠢᠭᠡ ᠳᠤ ᠤᠯᠠᠭᠠᠨᠬᠠᠳᠠ ᠬᠤᠲᠠ ᠤᠯᠤᠰ ᠤᠨ ᠮᠠᠯᠴᠢᠳ ᠲᠤ ᠠᠰᠢᠭ ᠬᠦᠷᠲᠡᠭᠡᠬᠦ ᠡᠯ᠎ᠡ ᠵᠦᠢᠯ ᠤᠨ ᠲᠥᠷᠥ ᠶᠢᠨ ᠪᠤᠳᠤᠯᠭ᠎ᠠ ᠶᠢ ᠬᠢᠨᠠᠮᠠᠭᠠᠶ ᠬᠡᠷᠡᠭᠵᠢᠭᠦᠯᠵᠦ᠂ ᠮᠠᠯᠴᠢᠳ ᠤᠨ ᠰᠢᠯᠵᠢᠯᠲᠡ ᠶᠢᠨ ᠴᠢᠨᠠᠷᠲᠠᠶ ᠣᠷᠣᠯᠭ᠎ᠠ ᠶᠢ ᠨᠡᠮᠡᠭᠳᠡᠭᠦᠯᠪᠡ᠃ ᠬᠤᠶᠠᠷ ᠲᠤ ᠮᠠᠯ ᠠᠵᠤ ᠠᠬᠤᠶ ᠶᠢᠨ ᠦᠢᠯᠡᠳᠪᠦᠷᠢᠯᠡᠯ ᠤᠨ ᠪᠠᠶᠢᠳᠠᠯ ᠰᠠᠶᠢᠨ᠂ ᠡᠭᠦᠨ ᠤ ᠳᠡᠭᠡᠷ᠎ᠡ ᠣᠶᠢᠷ᠎ᠠ ᠳᠤ ᠦᠬᠡᠷ ᠬᠤᠨᠢᠨ ᠤ ᠮᠢᠬ᠎ᠠ ᠦᠨ᠎ᠡ ᠨᠢ ᠥᠰᠴᠦ᠂ ᠡᠷᠳᠡᠨᠢ ᠰᠢᠰᠢ ᠶᠢᠨ ᠦᠨ᠎ᠡ ᠪᠠᠭᠤᠷᠠᠭᠰᠠᠨ ᠢᠶᠡᠷ ᠮᠠᠯᠴᠢᠳ ᠤᠨ ᠮᠠᠯ ᠠᠵᠤ ᠠᠬᠤᠶ ᠶᠢᠨ ᠴᠡᠪᠡᠷ ᠣᠷᠣᠯᠭ᠎ᠠ ᠨᠡᠮᠡᠭᠳᠡᠪᠡ᠃ ᠭᠤᠷᠪᠠ ᠳᠤ ᠤᠯᠠᠭᠠᠨᠬᠠᠳᠠ ᠬᠤᠲᠠ ᠶᠢᠨ ᠮᠠᠯᠵᠢᠬᠤ ᠣᠷᠣᠨ ᠤ ᠭᠠᠵᠠᠷ ᠰᠢᠷᠣᠶ ᠶᠢ ᠰᠢᠯᠵᠢᠭᠦᠯᠦᠨ ᠳᠠᠭᠠᠭᠠᠴᠢᠯᠠᠭᠤᠯᠬᠤ ᠲᠠᠯᠠᠪᠠᠢ ᠲᠠᠰᠤᠷᠠᠯᠳᠡ ᠦᠬᠡᠢ ᠥᠷᠭᠡᠵᠢᠵᠤ᠂ ᠮᠠᠯᠴᠢᠳ ᠤᠨ ᠭᠠᠵᠠᠷ ᠰᠢᠷᠣᠶ ᠰᠢᠯᠵᠢᠭᠦᠯᠦᠨ ᠳᠠᠭᠠᠭᠠᠴᠢᠯᠠᠭᠤᠯᠬᠤ ᠪᠠ ᠡᠵᠡᠩᠨᠡᠯᠲᠡ ᠶᠢᠨ ᠡᠷᠬᠡ ᠶᠢᠨ ᠲᠦᠷᠢᠶᠡᠰᠦᠨ ᠮᠦᠩᠭᠦ ᠲᠠᠰᠤᠷᠠᠯᠳᠠ ᠦᠭᠡᠢ ᠨᠡᠮᠡᠭᠳᠡᠵᠡᠢ᠃ ᠲᠦᠷᠪᠡ ᠳᠤ ᠮᠠᠯᠵᠢᠬᠤ ᠣᠷᠣᠨ ᠤ ᠭᠠᠵᠠᠷ ᠰᠢᠷᠣᠶ ᠶᠢ ᠡᠮᠬᠢ ᠴᠢᠭ᠍ᠴᠢ ᠲᠠᠢ ᠰᠢᠯᠵᠢᠭᠦᠯᠦᠨ ᠳᠠᠭᠠᠭᠠᠴᠢᠯᠠᠭᠤᠯᠤᠬᠰᠠᠨ ᠪᠠ ᠲᠦᠭᠦᠭᠡᠷᠤᠮᠵᠢᠲᠤ ᠲᠠᠷᠢᠶᠠᠯᠠᠩ ᠥᠷᠨᠢᠨ ᠬᠥᠭ᠍ᠵᠢᠭᠰᠡᠨ ᠠᠴᠠ ᠮᠠᠯᠵᠢᠬᠤ ᠣᠷᠣᠨ ᠤ ᠰᠤᠯᠠ ᠬᠥᠳᠡᠯᠮᠦᠷᠢ  ᠬᠦᠴᠦᠨ ᠳᠤ ᠠᠵᠢᠯ ᠣᠯᠬᠤ ᠠᠭᠤᠳᠠᠮ ᠣᠷᠣᠨ ᠵᠠᠶ ᠣᠯᠭᠤᠵᠤ᠂ ᠮᠠᠯᠴᠢᠳ ᠨᠤᠲᠤᠭ ᠲᠠᠭᠠᠨ ᠲᠡᠵᠢᠭᠡᠨ ᠦᠷᠡᠵᠢᠭᠦᠯᠬᠦ ᠲᠣᠮᠣ ᠡᠷᠦᠬᠡ ᠳᠤ ᠬᠦᠳᠡᠯᠮᠦᠷᠢᠯᠡᠭᠡᠳ ᠤᠯᠤᠭᠰᠠᠨ ᠴᠠᠯᠢᠩ ᠣᠯᠭᠤᠮᠵᠢ ᠦᠳᠲᠡᠷ ᠲᠦᠷᠭᠡᠨ ᠨᠡᠮᠡᠭᠳᠡᠵᠡᠢ᠃

ᠢᠷᠡᠯᠳᠡ᠄ ᠦᠪᠦᠷ ᠮᠣᠩᠭᠣᠯ ᠤᠨ ᠵᠠᠰᠠᠭ ᠤᠨ ᠤᠷᠳᠤᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121376024