蒙古文网站Logo
ᠰᠢᠨᠬᠤᠸᠠ ᠮᠤᠩᠭ᠋ᠤᠯ ᠨᠧᠲ

7 ᠰᠠᠷ᠎ᠠ ᠳᠤ ᠦᠪᠦᠷ ᠮᠣᠩᠭᠣᠯ ᠤᠨ ᠪᠤᠯᠤᠳ ᠮᠠᠲ᠋ᠸᠷᠢᠶᠠᠯ ᠤᠨ ᠦᠨ᠎ᠠ ᠦᠷᠭᠦᠯᠵᠢᠯᠡᠨ ᠪᠠᠭ᠎ᠠ ᠦᠰᠪᠠ

2017-08-15 17:07

    7 ᠰᠠᠷ᠎ᠠ ᠳᠤ᠂ ᠦᠪᠦᠷ ᠮᠣᠩᠭᠣᠯ ᠤᠨ ᠭᠤᠤᠯ ᠪᠤᠯᠬᠤ ᠠᠵᠤ ᠦᠢᠯᠡᠳᠪᠦᠷᠢ ᠶᠢᠨ ᠦᠢᠯᠡᠳᠪᠦᠷᠢᠯᠡᠯ ᠤᠨ ᠮᠠᠲ᠋ᠸᠷᠢᠶᠠᠯ ᠤᠨ ᠦᠨ᠎ᠠ ᠶᠡᠷᠦᠩᠬᠡᠢ ᠳᠤ ᠪᠡᠨ ᠪᠠᠭ᠎ᠠ ᠦᠰᠦᠯᠲᠠ ᠲᠠᠢ᠃ ᠡᠭᠦᠨ ᠳᠤ᠂ ᠪᠤᠯᠤᠳ ᠮᠠᠲ᠋ᠸᠷᠢᠶᠠᠯ᠂ ᠦᠩᠭᠡᠲᠤ ᠲᠡᠮᠦᠷᠯᠢᠭ᠌᠂ ᠰᠢᠯ ᠤᠨ ᠦᠨ᠎ᠠ ᠦᠰᠴᠡᠢ᠂ ᠬᠢᠮᠢ ᠶᠢᠨ ᠪᠦᠲᠦᠭᠡᠭ᠍ᠲᠡᠭᠦᠨ ᠤ ᠦᠨ᠎ᠠ ᠶᠢᠨ ᠬᠠᠨᠳᠤᠰᠢ ᠲᠤᠭᠲᠠᠪᠤᠷᠢ ᠦᠭᠡᠢ᠂ᠼᠧᠮᠸᠨᠲ ᠤᠨ ᠦᠨ᠎ᠠ ᠪᠠᠭ᠎ᠠ ᠬᠢᠮᠳᠠᠷᠠᠪᠠ᠃

    7 ᠰᠠᠷ᠎ᠠ ᠳᠤ᠂ ᠦᠪᠦᠷ ᠮᠣᠩᠭᠣᠯ ᠤᠨ ᠪᠤᠯᠤᠳ ᠮᠠᠲ᠋ᠸᠷᠢᠶᠠᠯ ᠤᠨ ᠦᠨ᠎ᠠ ᠦᠷᠭᠦᠯᠵᠢᠯᠡᠨ ᠦᠰᠪᠠ᠃ ᠡᠭᠦᠨ ᠳᠤ᠂ ᠪᠠᠷᠢᠯᠭ᠎ᠠ ᠶᠢᠨ ᠪᠤᠯᠤᠳ ᠮᠠᠲ᠋ᠸᠷᠢᠶᠠᠯ᠂ ᠡᠩ ᠤᠨ ᠬᠠᠪᠲᠠᠰᠤ ᠶᠢᠨ ᠤᠷᠤᠨ ᠳᠠᠶᠠᠭᠠᠷ ᠤᠨ ᠶᠡᠷᠦᠩᠬᠡᠶᠢᠯᠡᠭᠰᠡᠨ ᠳᠤᠮᠳᠠᠴᠢ ᠦᠨ᠎ᠠ ᠨᠢ ᠲᠤᠰ ᠪᠦᠷᠢ ᠲᠤᠨ ᠪᠦᠷᠢ ᠳᠤ ᠪᠡᠨ 3727.15 ᠪᠠ 4023.19 ᠲᠦᠬᠦᠷᠢᠭ᠌ ᠲᠤ ᠬᠦᠷᠴᠤ᠂ ᠦᠩᠭᠡᠷᠡᠭᠰᠡᠨ ᠡᠭᠡᠯᠵᠢ ᠶᠢᠨ ᠬᠢ ᠡᠴᠡ ᠲᠤᠰ ᠪᠦᠷᠢ 3.36% ᠪᠤᠯᠤᠨ 3.01% ᠪᠡᠷ ᠨᠡᠮᠡᠭᠳᠡᠵᠤ᠂ ᠦᠩᠭᠡᠷᠡᠭᠰᠡᠨ ᠤᠨ ᠤ ᠮᠦᠨ ᠦᠶ᠎᠎ᠠ ᠡᠴᠡ ᠲᠤᠰ ᠪᠦᠷᠢ 53.85% ᠪᠤᠯᠤᠨ 33.66% ᠪᠡᠷ ᠦᠰᠴᠠᠢ᠃

    7 ᠰᠠᠷ᠎ᠠ ᠳᠤ᠂ ᠵᠠᠰ᠂ ᠬᠦᠩᠭᠡᠨ ᠴᠠᠭᠠᠨ᠂ ᠬᠠᠷ᠎ᠠ ᠲᠤᠭᠤᠯᠭ᠎ᠠ ᠤᠨ ᠳᠤᠮᠳᠠᠴᠢ ᠪᠤᠷᠤᠯᠠᠭᠤᠯᠭ᠎ᠠ ᠶᠢᠨ ᠦᠨ᠎ᠠ ᠨᠢ ᠲᠤᠨ ᠪᠦᠷᠢ ᠳᠤ ᠪᠡᠨ ᠲᠤᠰ ᠲᠤᠰ47583.34᠂14550 ᠪᠠ18083.34 ᠲᠦᠬᠦᠷᠢᠭ᠌ ᠬᠦᠷᠴᠤ᠂ ᠦᠩᠭᠡᠷᠡᠭᠰᠡᠨ ᠡᠭᠡᠯᠵᠢ ᠶᠢᠨ ᠬᠢ ᠡᠴᠡ ᠲᠤᠰ ᠪᠦᠷᠢ 3.07%᠂ 1087% ᠪᠤᠯᠤᠨ 5.34% ᠪᠡᠷ ᠨᠡᠮᠡᠭᠳᠡᠵᠤ᠂ ᠦᠩᠭᠡᠷᠡᠭᠰᠡᠨ ᠤᠨ ᠤ ᠮᠦᠨ ᠦᠶ᠎᠎ᠠ ᠡᠴᠡ ᠲᠤᠰ ᠪᠦᠷᠢ 22.80%᠂ 6.72%᠂ 26.75% ᠪᠡᠷ ᠨᠡᠮᠡᠭᠳᠡᠭᠰᠡᠨ ᠪᠠᠶᠢᠨ᠎ᠠ᠃ ᠦᠨᠳᠦᠷ ᠬᠦᠴᠦᠳᠠᠯᠲᠤ ᠪᠦᠭᠡᠭᠡᠨᠡᠷᠡᠯ ᠡᠲ᠋ᠸᠨ᠂ ᠪᠦᠭᠡᠭᠡᠨᠡᠷᠡᠯ ᠫᠷᠤᠫᠸᠨ ᠤ ᠳᠤᠮᠳᠠᠴᠢ ᠪᠤᠷᠤᠯᠠᠭᠤᠯᠭ᠎ᠠ ᠶᠢᠨ ᠦᠨ᠎ᠠ ᠨᠢ ᠲᠤᠨ ᠪᠦᠷᠢ ᠳᠤ ᠪᠡᠨ ᠲᠤᠰ ᠲᠤᠰ 11300 ᠪᠠ 7003 ᠲᠦᠬᠦᠷᠢᠭ᠌ ᠲᠤ ᠬᠦᠷᠴᠤ᠂ ᠦᠩᠭᠡᠷᠡᠭᠰᠡᠨ ᠡᠭᠡᠯᠵᠢ ᠶᠢᠨ ᠬᠢ ᠡᠴᠡ ᠦᠨᠳᠦᠷ ᠬᠦᠴᠦᠳᠠᠯᠲᠤ ᠪᠦᠭᠡᠭᠡᠨᠡᠷᠡᠯ ᠡᠲ᠋ᠸᠨ ᠤ ᠦᠨ᠎ᠠ ᠨᠢ 0.59% ᠪᠡᠷ ᠦᠰᠴᠤ᠂ ᠪᠦᠭᠡᠭᠡᠨᠡᠷᠡᠯ ᠫᠷᠤᠫᠸᠨ ᠤ ᠦᠨ᠎᠎ᠠ ᠨᠢ 2.42% ᠢᠶᠡᠷ ᠪᠠᠭᠤᠷᠠᠪᠠ᠂ ᠦᠩᠭᠡᠷᠡᠭᠰᠡᠨ ᠤᠨ ᠤ ᠮᠦᠨ ᠦᠶ᠎ᠠ ᠡᠴᠡ ᠲᠤᠰ ᠪᠦᠷᠢ 5.61% ᠪᠠ 9.39% ᠪᠡᠷ ᠦᠰᠴᠠᠢ᠃

ᠢᠷᠡᠯᠳᠡ᠄ ᠦᠪᠦᠷ ᠮᠣᠩᠭᠣᠯ ᠤᠨ ᠵᠠᠰᠠᠭ ᠤ ᠤᠷᠳᠤᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121487543