蒙古文网站Logo
ᠰᠢᠨᠬᠤᠸᠠ ᠮᠤᠩᠭ᠋ᠤᠯ ᠨᠧᠲ

ᠦᠨᠦ ᠵᠢᠯ ᠡᠴᠡ ᠨᠠᠰᠢ ᠦᠬᠠᠢ ᠬᠤᠲᠠ ᠶᠢᠨ ᠨᠡᠭᠦᠷᠡᠰᠦ ᠬᠡᠤᠷᠡᠰᠤᠨ ᠤ ᠠᠵᠢᠯ ᠲᠦᠷᠦᠯ ᠲᠤᠭᠳᠠᠭᠤᠨ ᠪᠦᠬᠡᠳ ᠦᠰᠦᠯᠲᠠ ᠲᠠᠢ ᠪᠤᠯᠪᠠ

2017-08-18 17:39

    ᠤᠯᠤᠰ ᠤᠨ ᠬᠠᠩᠭ᠋ᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢᠨ ᠨᠦᠯᠦᠭᠡ ᠳᠤᠪᠤᠶᠢᠮ᠎ᠠ ᠂ ᠭᠠᠵᠠᠷ ᠰᠢᠷᠦᠢ ᠭᠡᠷ ᠪᠠᠶᠢᠰᠢᠩ ᠤᠨ ᠬᠦᠷᠦᠩᠭᠡ ᠶᠢᠨ ᠦᠨ᠎ᠠ ᠪᠠᠭᠤᠷᠠᠭᠰᠠᠨ᠂ ᠪᠤᠯᠤᠳ ᠲᠡᠮᠦᠷ ᠤᠨ ᠦᠨ᠎ᠠ ᠦᠰᠦᠭᠰᠡᠨ᠂ ᠠᠵᠤ ᠠᠬᠤᠶᠢᠯᠠᠯ ᠤᠨ ᠭᠠᠶᠢᠯᠢ ᠶᠢᠨ ᠳᠠᠷᠤᠭᠠᠰᠤ ᠬᠦᠡᠭ᠍ᠭᠡᠷᠡᠭᠰᠡᠨ ᠵᠡᠷᠭᠡ ᠤᠯᠠᠨ ᠠᠰᠢᠭᠲᠠᠢ ᠨᠦᠬᠦᠴᠡᠯ ᠳ᠋ᠤ ᠦᠬᠠᠢ ᠬᠤᠲᠠ ᠶᠢᠨ ᠨᠡᠭᠦᠷᠡᠰᠦ ᠬᠡᠤᠷᠡᠰᠦᠨ ᠤ ᠠᠵᠢᠯ ᠲᠦᠷᠦᠯ ᠦᠨ᠎ᠠ ᠨᠢ ᠦᠰᠴᠤ᠂ ᠭᠠᠷᠤᠯᠲᠠ ᠨᠢ ᠨᠡᠮᠡᠭᠳᠡᠵᠤ᠂ ᠤᠷᠤᠯᠭ᠎ᠠ ᠨᠢ ᠨᠡᠮᠡᠭᠳᠡᠭᠰᠡᠨ ᠰᠠᠶᠢᠨ ᠪᠠᠶᠢᠳᠠᠯ ᠲᠠᠢ ᠪᠤᠯᠪᠠ᠃ ᠲᠦᠷᠦᠭᠦᠦ ᠬᠠᠭᠠᠰ ᠵᠢᠯ᠂ ᠲᠦᠬᠦᠬᠡᠢ ᠨᠡᠭᠦᠷᠡᠰᠤ ᠪᠤᠯᠤᠨ ᠬᠡᠤᠷᠡᠰᠤ ᠶᠢᠨ ᠦᠨ᠎ᠠ ᠴᠦᠮ ᠶᠡᠬᠡ ᠪᠡᠷ ᠦᠰᠴᠠᠢ᠂ ᠲᠦᠬᠦᠬᠡᠢ ᠨᠡᠭᠦᠷᠡᠰᠤᠨ ᠤ ᠭᠠᠷᠤᠯᠲᠠ 561.98 ᠲᠦᠮᠡᠨ ᠲᠤᠨ ᠳᠤ ᠬᠦᠷᠴᠤ᠂ ᠦᠩᠭᠡᠷᠡᠭᠰᠡᠨ ᠤᠨ ᠤ ᠮᠦᠨ ᠦᠶ᠎ᠠ ᠡᠴᠡ 15% ᠪᠡᠷ ᠨᠡᠮᠡᠭᠳᠡᠨ᠂ 4 ᠵᠢᠯ ᠳᠠᠷᠠᠭᠠᠯᠠᠨ ᠭᠠᠷᠤᠯᠲᠠ ᠪᠠᠭᠤᠷᠠᠭᠰᠠᠨ ᠪᠠᠶᠢᠳᠠᠯ ᠢ ᠡᠴᠦᠰᠯᠡᠭᠦᠯᠵᠡᠢ᠃ ᠬᠡᠤᠷᠡᠰᠦᠨ ᠤ ᠭᠠᠷᠤᠯᠲᠠ 478 ᠲᠦᠮᠡᠨ ᠲᠤᠨ ᠳᠤ ᠬᠦᠷᠴᠤ᠂ ᠦᠩᠭᠡᠷᠡᠭᠰᠡᠨ ᠤᠨ ᠤ ᠮᠦᠨ ᠦᠶ᠎᠎ᠠ ᠡᠴᠡ 35% ᠪᠡᠷ ᠨᠡᠮᠡᠭᠳᠡᠵᠠᠢ᠃ ᠨᠡᠭᠦᠷᠡᠰᠤ ᠤᠯᠪᠤᠷᠢᠯᠠᠬᠤ ᠪᠤᠯᠤᠨ ᠤᠬᠢᠶᠠᠨ ᠰᠢᠯᠢᠬᠦ᠂ ᠬᠡᠤᠷᠡᠰᠤᠨ ᠤ ᠠᠵᠢᠯ ᠲᠦᠷᠦᠯ ᠤᠨ ᠦᠷ᠎ᠠ ᠠᠰᠢᠬ ᠮᠡᠳᠡᠭᠳᠡᠮ᠎ᠠ ᠰᠠᠶᠢᠵᠢᠷᠠᠵᠤ᠂ ᠠᠯᠳᠠᠭᠳᠠᠯ ᠲᠠᠢ ᠠᠵᠤ ᠠᠬᠤᠶᠢᠯᠠᠯ ᠨᠢᠳᠤᠨᠤᠨ ᠤ ᠬᠢ ᠡᠴᠡ ᠲᠤᠰ ᠪᠦᠷᠢ 16 ᠪᠤᠯᠤᠨ 8 ᠡᠷᠦᠬᠡ ᠪᠡᠷ ᠴᠦᠬᠡᠷᠡᠵᠠᠢ᠃ ᠨᠡᠭᠦᠷᠡᠰᠤ ᠤᠯᠪᠤᠷᠢᠯᠠᠬᠤ ᠪᠤᠯᠤᠨ ᠤᠬᠢᠶᠠᠨ ᠰᠢᠯᠢᠬᠦ ᠨᠢ ᠨᠢᠳᠤᠨᠤᠨ ᠤ ᠠᠳᠠᠯᠢ ᠬᠤᠭᠤᠴᠠᠭᠠᠨ ᠳᠡᠬᠢ ᠠᠯᠳᠠᠭᠳᠠᠯ ᠲᠠᠢ ᠪᠠᠶᠢᠭᠰᠠᠨ ᠡᠴᠡ 5.8ᠳ᠋ᠦᠩᠰᠢᠭᠤᠷ ᠲᠦᠬᠦᠷᠢᠭ᠌ ᠤᠨ ᠬᠤᠨᠵᠢᠪᠤᠷᠢ ᠲᠠᠢ ᠪᠤᠯᠵᠤ᠂ ᠬᠡᠤᠷᠡᠰᠤᠨ ᠤ ᠠᠵᠢᠯ ᠲᠦᠷᠦᠯ ᠨᠢᠳᠤᠨᠤᠨ ᠤ ᠠᠳᠠᠯᠢ ᠬᠤᠭᠤᠴᠠᠭᠠᠨ ᠤ ᠬᠢ ᠡᠴᠡ ᠠᠯᠳᠠᠭᠳᠠᠯ ᠢ 11ᠳ᠋ᠦᠩᠰᠢᠭᠤᠷ ᠭᠠᠷᠤᠢ ᠲᠦᠬᠦᠷᠢᠭ᠌ ᠪᠠᠭᠠᠰᠬᠠᠪᠠ᠃ ᠦᠨᠦ ᠵᠢᠯ ᠡᠴᠡ ᠨᠠᠰᠢ᠂ ᠦᠬᠠᠢ ᠬᠤᠲᠠ ᠶᠢᠨ ᠠᠵᠤ ᠦᠢᠯᠡᠪᠦᠷᠢᠯᠡᠯ ᠤᠨ ᠡᠳ᠋ ᠤᠨ ᠵᠠᠰᠠᠭ ᠰᠢᠨ᠎ᠠ ᠬᠦᠭ᠍ᠵᠢᠯᠲᠠ ᠶᠢᠨ ᠤᠶᠢᠯᠠᠭᠠᠭᠲᠠᠬᠤᠨ ᠢ ᠲᠤᠤᠱᠯᠠᠭᠤᠯᠵᠤ ᠨᠠᠶᠢᠳᠠᠪᠤᠷᠢᠵᠢᠭᠤᠯᠤᠨ᠂ ᠬᠠᠩᠭ᠋ᠠᠯᠭ᠎ᠠ ᠬᠡᠷᠡᠭᠴᠡᠭᠡᠨ ᠤ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠪᠡᠷ ᠭᠤᠤᠯᠯᠠᠬᠤ ᠱᠤᠭᠤᠮ ᠢᠶᠡᠨ ᠪᠤᠯᠭᠠᠵᠤ᠂ ᠤᠯᠤᠰ ᠤᠨ ᠡᠳ᠋ ᠤᠨ ᠵᠠᠰᠠᠭ ᠤᠨ ᠬᠦᠭ᠍ᠵᠢᠯᠲᠠ ᠶᠢᠨ ᠲᠤᠭᠲᠠᠭᠤᠨ ᠦᠰᠦᠯᠲᠠ ᠶᠢᠨ ᠠᠵᠠ ᠲᠤᠬᠢᠶᠠᠯ ᠢ ᠰᠠᠶᠢᠲᠤᠷ ᠠᠳᠬᠤᠵᠤ᠂ ᠬᠤᠪᠢᠷᠠᠯᠲᠠ ᠦᠰᠦᠯᠲᠡ ᠶᠢᠨ ᠠᠷᠭ᠎ᠠ ᠠᠪᠴᠠᠯ ᠢ ᠲᠤᠬᠢᠷᠠᠭᠤᠯᠤᠨ ᠰᠢᠯᠢᠳᠡᠭᠵᠢᠭᠦᠯᠬᠦ ᠠᠵᠤ ᠦᠢᠯᠡᠰ ᠲᠠᠢ ᠤᠶᠠᠯᠳᠤᠭᠤᠯᠤᠨ᠂ ᠰᠢᠨ᠎ᠠ ᠮᠠᠲ᠋ᠸᠷᠢᠶᠠᠯ᠂ ᠰᠢᠨ᠎ᠠ ᠡᠷᠴᠢᠮ ᠬᠦᠴᠤ᠂ ᠤᠳᠤᠬᠢᠴᠢᠯᠠᠭᠰᠠᠨ ᠲᠤᠨᠤᠭ ᠲᠦᠬᠦᠭᠡᠷᠦᠮᠵᠢ ᠦᠢᠯᠡᠳᠬᠦ ᠶᠢ ᠢᠳᠡᠪᠬᠢᠲᠠᠢ ᠬᠦᠭ᠍ᠵᠢᠭᠦᠯᠵᠤ᠂ ᠪᠤᠬᠢᠷᠳᠤᠯ ᠦᠭᠡᠢ ᠡᠨ᠋ᠸᠷᠭᠢ ᠠᠷᠪᠢᠯᠠᠬᠤ ᠵᠡᠷᠭᠡ ᠪᠠᠶᠢᠯᠳᠤᠬᠤ ᠪᠤᠳᠤᠯᠭ᠎ᠠ ᠶᠢᠨ ᠴᠢᠨᠠᠷᠲᠠᠢ ᠰᠢᠨ᠎ᠠ ᠬᠡᠯᠪᠡᠷᠢ ᠶᠢᠨ ᠠᠵᠤ ᠦᠢᠯᠡᠰ ᠨᠢ ᠰᠢᠨ᠎ᠠ ᠡᠳ᠋ ᠤᠨ ᠵᠠᠰᠠᠭ ᠤᠨ ᠨᠡᠮᠡᠭᠳᠡᠯ ᠢ ᠪᠤᠢ ᠪᠤᠯᠭᠠᠵᠠᠢ᠃ ᠲᠦᠷᠦᠬᠦᠦ ᠬᠠᠭᠠᠰ ᠵᠢᠯ᠂ ᠦᠬᠠᠢ ᠬᠤᠲᠠ ᠶᠢᠨ ᠬᠡᠪᠴᠢᠶᠡᠵᠢᠯ ᠡᠴᠡ ᠳᠡᠭᠡᠭ᠍ᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠳᠡᠭ ᠤᠨ ᠬᠤᠷᠳᠤᠴᠠ ᠨᠢ 8.6% ᠳᠤ ᠬᠦᠷᠴᠤ᠂ ᠨᠢᠳᠤᠨᠤᠨ ᠤ ᠪᠦᠲᠦᠨ ᠵᠢᠯ ᠡᠴᠡ ᠵᠠᠭᠤᠨ ᠤ ᠬᠠᠷᠢᠴᠠᠯ ᠢᠶᠡᠷ 4.1 ᠪᠡᠷ ᠨᠡᠮᠡᠭᠳᠡᠵᠤ᠂ ᠰᠡᠷᠭᠦᠭᠡᠯᠲᠠ ᠶᠢᠨ ᠴᠢᠨᠠᠷᠲᠠᠢ ᠨᠡᠮᠡᠭᠳᠡᠯ ᠢ ᠪᠤᠢ ᠪᠤᠯᠭᠠᠪᠠ᠃

ᠢᠷᠡᠯᠳᠡ᠄ ᠦᠪᠦᠷ ᠮᠣᠩᠭᠣᠯ ᠤᠨ ᠵᠠᠰᠠᠭ ᠤᠨ ᠤᠷᠳᠤᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121506908