蒙古文网站Logo
ᠰᠢᠨᠬᠤᠸᠠ ᠮᠤᠩᠭ᠋ᠤᠯ ᠨᠧᠲ

ᠲᠤᠯᠤᠭᠠᠶᠢᠯᠠᠭᠴᠢ ᠠᠵᠤ ᠠᠬᠤᠶᠢᠯᠠᠯ ᠤᠳ ᠭᠠᠷ ᠤᠳᠠᠰᠤ ᠲᠦᠷᠢᠶᠡᠰᠦᠯᠡᠬᠦᠯᠬᠦ ᠳᠤ ᠬᠠᠯᠠᠮᠰᠢᠯ ᠲᠠᠢ ᠪᠠᠢᠢᠨ᠎ᠠ

2017-08-21 17:06

    ᠡᠳᠦᠷ ᠲᠤ 9.9 ᠲᠦᠬᠦᠷᠢᠭ᠌ ᠲᠦᠯᠦᠭᠰᠡᠭᠡᠷ ᠨᠢᠭᠡᠨ ᠰᠢᠨ᠎ᠠ ᠠᠯᠮᠤᠷᠠᠳ ᠭᠠᠷ ᠤᠲᠠᠰᠤ ᠲᠦᠷᠢᠶᠡᠰᠦᠯᠡᠵᠤ ᠪᠤᠯᠤᠨ᠎ᠠ᠃

    ᠭᠠᠷ ᠤᠳᠠᠰᠤ ᠲᠦᠷᠢᠶᠡᠰᠦᠯᠡᠬᠦ ᠨᠢ ᠡᠳ᠋ ᠤᠨ ᠵᠠᠰᠠᠭ ᠤᠨ ᠦᠰᠦᠯᠳᠡ ᠶᠢ ᠬᠠᠮᠲᠤᠪᠠᠷ ᠡᠳ᠋ᠯᠡᠵᠤ ᠪᠠᠶᠢᠬᠤ ᠶᠢᠨ ᠢᠯᠡᠷᠡᠯ ᠤᠤ ᠡᠰᠡᠭᠦᠯ᠎ᠠ ᠲᠠᠷᠠᠭᠠᠴᠢ ᠶᠢᠨ ᠦᠰᠦᠯᠳᠡ ᠵᠢᠨ ᠴᠡᠭ ᠤᠤ ?

    ᠤᠳᠤᠬᠠᠨ ᠳᠤ᠂ ᠭᠦᠸᠸ ᠮᠸᠢ ᠴᠠᠬᠢᠯᠭᠠᠨ ᠬᠡᠷᠡᠭᠰᠡᠯ ᠤᠨ ᠠᠵᠤ ᠠᠬᠤᠶᠢᠯᠠᠯ ᠤᠨ ᠨᠡᠶᠢᠲᠡᠯᠡᠭᠰᠡᠨ ᠢᠶᠡᠷ᠂ ᠤᠯᠤᠰ ᠳᠠᠶᠠᠭᠠᠷ ᠤᠨ 1600 ᠭᠠᠷᠤᠢ ᠳᠡᠯᠭᠡᠭᠦᠷ ᠲᠤ《 ᠭᠦᠸᠸ ᠮᠸᠢ ᠳᠦᠷᠢᠶᠡᠰᠦᠯᠡᠯ》 ᠭᠠᠷ ᠤᠲᠠᠰᠤ ᠲᠦᠷᠢᠶᠡᠰᠦᠯᠡᠬᠦ ᠦᠢᠯᠡᠴᠢᠯᠡᠭᠡ ᠭᠠᠷᠭᠠᠵᠠᠢ᠃ ᠬᠡᠷᠡᠭᠯᠡᠭᠴᠢᠳ ᠰᠠᠷ᠎ᠠ ᠳᠤ 330 ᠲᠦᠬᠦᠷᠢᠭ᠌ ᠲᠤᠰᠢᠶᠠᠨ ᠡᠳᠦᠷ ᠲᠤ 11 ᠲᠦᠬᠦᠷᠢᠭ᠌ ᠵᠠᠷᠤᠴᠠᠭᠤᠯᠤᠭᠰᠠᠭᠠᠷ iPhone7(32G) ᠭᠠᠷ ᠤᠲᠠᠰᠤ ᠶᠢᠨ ᠨᠢᠭᠡ ᠵᠢᠯ ᠤᠨ ᠬᠡᠷᠡᠭᠯᠡᠭᠡᠨ ᠤ ᠡᠷᠬᠡ ᠲᠠᠢ ᠪᠤᠯᠳᠠᠭ ᠶᠤᠮ ᠪᠠᠶᠢᠨ᠎ᠠ᠃

    ᠦᠨᠦ ᠵᠢᠯ ᠤᠨ 6 ᠰᠠᠷ᠎ᠠ ᠳᠤ᠂ ᠵᠢᠩ ᠳ᠋ᠦᠩ ᠪᠠᠰᠠ ᠭᠠᠷ ᠤᠲᠠᠰᠤ ᠲᠦᠷᠢᠶᠡᠰᠦᠯᠡᠬᠦ ᠦᠢᠯᠡᠴᠢᠯᠡᠭᠡ ᠭᠠᠷᠭᠠᠵᠠᠢ᠃ ᠬᠡᠷᠡᠭᠯᠡᠭᠴᠢᠳ ᠲᠠᠪᠴᠠᠩ ᠳᠡᠭᠡᠷ᠎ᠠ ᠡᠴᠡ ᠭᠠᠷ ᠤᠲᠠᠰᠤᠨ ᠤ ᠪᠡᠨ ᠲᠦᠷᠦᠯ ᠲᠡᠮᠳᠡᠭ᠂ ᠪᠠᠭᠲᠠᠭᠠᠮᠵᠢ᠂ ᠦᠩᠭᠡ ᠵᠡᠷᠭᠡ ᠶᠢ ᠰᠤᠩᠭ᠋ᠤᠵᠤ᠂ ᠲᠦᠷᠢᠶᠡᠰᠦᠯᠡᠬᠦ ᠬᠤᠭᠤᠴᠠᠭ᠎ᠠ ᠪᠡᠨ ᠲᠤᠭᠲᠠᠭᠰᠠᠨ ᠤ ᠳᠠᠷᠠᠭ᠎ᠠ ᠴᠠᠬᠢᠮ ᠳᠦᠷᠢᠶᠡᠰᠦᠯᠡᠬᠦ ᠬᠡᠯᠡᠯᠴᠡᠭᠡᠷ ᠲᠤ ᠭᠠᠷ ᠤᠨ ᠦᠰᠦᠭ ᠵᠢᠷᠤᠵᠤ ᠲᠦᠯᠦᠪᠦᠷᠢ ᠶᠢ ᠨᠢ ᠲᠦᠯᠦᠭᠰᠡᠭᠡᠷ ᠭᠠᠷ ᠤᠲᠠᠰᠤ ᠲᠦᠷᠢᠶᠠᠰᠤᠯᠠᠴᠢᠬᠡᠨ᠎ᠠ᠃

    ᠡᠭᠦᠨ ᠤ ᠬᠠᠮᠲᠤ᠂ ᡁᠢ ᠹᠦ᠋ ᠪᠤᠤ ᠪᠠᠰᠠ ᠢᠲᠡᠭᠡᠮᠵᠢ ᠶᠢᠨ ᠲᠦᠷᠢᠶᠡᠰᠦᠯᠡᠬᠦ ᠦᠢᠯᠡᠴᠢᠯᠡᠭᠡ ᠭᠠᠷᠭᠠᠵᠤ ᠬᠡᠲᠤᠨ ᠲᠦᠷᠢᠶᠡᠰᠦᠯᠡᠬᠦ ᠲᠠᠪᠴᠠᠩ ᡁᠢ ᠹᠦ᠋ ᠪᠤᠤ ᠳᠤ ᠬᠤᠸᠠᠷᠠᠩᠨᠠᠭᠠᠳ ᠪᠤᠢ᠃ ᠡᠳᠡᠭᠡᠷ ᠲᠠᠪᠴᠠᠩ ᠨᠢ ᡁᠢ ᠹᠦ᠋ ᠪᠤᠤ ᠶᠢᠨ ᡁᠢ ᠮᠠ ᠢᠲᠡᠭᠡᠮᠵᠢ ᠶᠢᠨ ᠬᠡᠷᠡᠭᠯᠡᠭᠴᠢᠳ ᠲᠤ ᠵᠤᠬᠢᠬᠤ ᠱᠠᠭᠠᠷᠳᠠᠯᠭ᠎ᠠ ᠲᠠᠢ᠂ ᡁᠢ ᠮᠠ ᠢᠲᠡᠭᠡᠮᠵᠢ ᠶᠢᠨ ᠬᠤᠷᠠᠮᠳᠤᠯᠠᠯ  ᠬᠤᠪᠢ ᠨᠢ 550 ᠡᠴᠡ ᠳᠡᠭᠡᠭ᠍ᠰᠢᠬᠢ ᠪᠠᠶᠢᠬᠤ ᠪᠤᠶᠤ ᠵᠠᠷᠢᠮ ᠨᠢ 600 ᠡᠴᠡ ᠳᠡᠭᠡᠭ᠍ᠰᠢ ᠪᠠᠶᠢᠪᠠᠯ ᠰᠠᠶ᠊ᠢ ᠭᠤᠶᠤᠴᠢᠯᠠᠵᠤ ᠪᠤᠯᠤᠨ᠎ᠠ᠃

    ᠨᠢᠭᠡ ᠵᠢᠯ ᠭᠠᠷ ᠤᠲᠠᠰᠤ ᠲᠦᠷᠢᠶᠡᠰᠦᠯᠡᠬᠦ ᠦᠨ᠎ᠠ ᠨᠢ ᠰᠢᠨ᠎ᠠ ᠭᠠᠷ ᠤᠲᠠᠰᠤ ᠶᠢ ᠤᠤᠯ ᠦᠨ᠎ᠠ ᠪᠡᠷ ᠨᠢ ᠬᠤᠳᠠᠯᠳᠤᠵᠤ ᠠᠪᠬᠤ ᠡᠴᠡ 1000 ᠰᠢᠬᠠᠮ ᠲᠦᠬᠦᠷᠢᠭ᠌ ᠬᠢᠮᠲᠠ ᠪᠠᠶᠢᠯ᠎ᠠ᠃ ᠰᠤᠷᠪᠤᠯᠵᠢᠯᠠᠭᠴᠢ ᠵᠠᠷᠢᠮ ᠡᠭᠡᠭᠦᠯᠦᠨ ᠬᠤᠷᠢᠶᠠᠬᠤ ᠨᠸᠲ ᠡᠴᠡ ᠤᠯᠵᠤ ᠮᠡᠳᠡᠭᠰᠡᠨ ᠢᠶᠡᠷ᠂ ᠵᠠᠷᠢᠮ ᠨᠢᠭᠡ ᠯᠡ ᠵᠢᠯ ᠬᠡᠷᠡᠭᠯᠡᠭᠰᠡᠨ ᠠᠯᠮᠤᠷᠠᠳ ᠭᠠᠷ ᠤᠲᠠᠰᠤ ᠶᠢ ᠡᠭᠡᠭᠦᠯᠦᠨ ᠬᠤᠷᠢᠶᠠᠬᠤ ᠳᠤ 1000 ᠲᠦᠬᠦᠷᠢᠭ᠌ ᠬᠦᠷᠬᠦ ᠦᠭᠡᠢ᠃ ᠡᠭᠦᠨ ᠡᠴᠡ 4000 ᠰᠢᠬᠠᠮ ᠵᠤᠭᠤᠰ ᠵᠠᠷᠤᠴᠠᠭᠤᠯᠵᠤ ᠨᠢᠭᠡᠯᠡ ᠵᠢᠯ ᠭᠠᠷ ᠤᠲᠠᠰᠤ ᠲᠦᠷᠢᠶᠡᠰᠦᠯᠡᠬᠦ ᠨᠢ ᠠᠰᠢᠭ ᠦᠭᠡᠢ ᠶᠢ ᠮᠡᠳᠡᠵᠤ ᠪᠤᠯᠤᠨ᠎ᠠ᠃

    ᠮᠡᠷᠭᠡᠵᠢᠯ ᠤᠨ ᠬᠦᠷᠢᠶᠡᠨ ᠳᠡᠬᠢ ᠬᠦᠮᠦᠰ ᠤᠨ ᠦᠵᠡᠬᠦ ᠪᠡᠷ᠂ ᠭᠠᠷ ᠤᠲᠠᠰᠤ ᠲᠦᠷᠢᠶᠡᠰᠦᠯᠡᠬᠦ ᠱᠠᠭᠠᠷᠳᠠᠯᠭ᠎ᠠ ᠶᠡᠬᠡ᠂ ᠭᠡᠪᠡᠴᠤ ᠬᠡᠷᠡᠭᠯᠡᠭᠴᠢᠳ ᠨᠢ ᠬᠠᠨᠳᠤᠯᠭᠠᠲᠤ ᠴᠢᠨᠠᠷᠲᠠᠢ᠂ ᠵᠠᠷᠢᠮ ᠭᠠᠷ ᠤᠲᠠᠰᠤ ᠬᠤᠳᠠᠯᠳᠤᠨ ᠠᠪᠬᠤ ᠮᠦᠩᠭᠦ ᠶᠢ ᠨᠢᠭᠡ ᠯᠡ ᠲᠤᠤᠷ᠎ᠠ ᠲᠦᠯᠦᠬᠦ ᠴᠢᠳᠠᠪᠤᠷᠢ ᠦᠭᠡᠢ ᠬᠡᠷᠡᠭᠯᠡᠭᠴᠢᠳ᠂ ᠭᠠᠷ ᠤᠲᠠᠰᠤ ᠬᠤᠷᠳᠤᠨ ᠰᠤᠯᠢᠬᠤ ᠬᠡᠷᠡᠭᠯᠡᠭᠴᠢᠳ ᠪᠤᠯᠤᠨ ᠰᠢᠨ᠎ᠠ ᠴᠢᠳᠠᠪᠬᠢ ᠶᠢ ᠮᠡᠳᠡᠷᠡᠬᠦ ᠰᠠᠨᠠᠭᠠᠲᠠᠢ ᠬᠡᠷᠡᠭᠯᠡᠭᠴᠢᠳ ᠲᠤ ᠠᠪᠴᠤ ᠬᠡᠯᠡᠪᠡᠯ ᠡᠶᠢᠮᠦᠷᠬᠦᠦ ᠠᠷᠭ᠎ᠠ ᠬᠡᠮᠵᠢᠶ᠎ᠠ ᠨᠢ ᠶᠡᠷᠦᠩᠬᠡᠢ ᠳᠤ ᠪᠡᠨ ᠠᠰᠢᠭ ᠲᠠᠢ ᠪᠠᠶᠢᠳᠠᠭ ᠶᠤᠮ ᠪᠠᠶᠢᠨ᠎ᠠ᠃

ᠢᠷᠡᠯᠳᠡ᠄ ᠪᠡᠭᠡᠵᠢᠩ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121518331