蒙古文网站Logo
ᠰᠢᠨᠬᠤᠸᠠ ᠮᠤᠩᠭ᠋ᠤᠯ ᠨᠧᠲ

1-7 ᠰᠠᠷ᠎ᠠ ᠳᠡᠬᠢ ᠤᠷᠤᠨ ᠳᠠᠶᠠᠭᠠᠷ ᠤᠨ ᠨᠡᠭᠦᠷᠡᠰᠦᠨ ᠤ ᠡᠳ᠋ ᠤᠨ ᠵᠠᠰᠠᠭ ᠤᠨ ᠡᠵᠡᠩᠨᠡᠯᠲᠡ ᠶᠢᠨ ᠪᠠᠶᠢᠳᠠᠯ

2017-08-28 17:16

    1-7 ᠰᠠᠷ᠎ᠠ ᠳᠤ᠂ ᠤᠷᠤᠨ ᠳᠠᠶᠠᠭᠠᠷ ᠤᠨ ᠨᠡᠭᠦᠷᠡᠰᠦᠨ ᠤ ᠭᠠᠷᠤᠯᠲᠠ  ᠨᠡᠯᠢᠶᠡᠳ ᠲᠦᠷᠭᠡᠨ ᠨᠡᠮᠡᠭᠳᠡᠵᠤ᠂ ᠦᠨ᠎ᠠ ᠬᠠᠩᠰᠢ ᠨᠢ ᠨᠡᠯᠢᠶᠡᠳ ᠰᠠᠶᠢᠨ ᠬᠢᠷᠢ ᠬᠡᠮᠵᠢᠶ᠎᠎ᠠ ᠶᠢ ᠪᠠᠲᠤᠯᠠᠨ᠂ ᠡᠳ᠋ ᠤᠨ ᠵᠠᠰᠠᠭ ᠤᠨ ᠦᠷ᠎ᠠ ᠠᠰᠢᠭ ᠢᠯᠡᠳᠲᠡ ᠰᠠᠶᠢᠵᠢᠷᠠᠵᠤ᠂ ᠠᠶᠤᠯᠭᠦᠢ ᠦᠢᠯᠡᠳᠪᠦᠷᠢᠯᠡᠯ ᠶᠡᠷᠦᠩᠬᠡᠢ ᠳᠤ ᠪᠡᠨ ᠲᠤᠭᠲᠠᠭᠤᠨ ᠪᠠᠶᠢᠪᠠ᠃

    ᠨᠢᠭᠡ᠂ ᠦᠢᠯᠡᠳᠪᠦᠷᠢᠯᠡᠯ ᠤᠨ ᠪᠠᠶᠢᠳᠠᠯ᠃ 1-7 ᠰᠠᠷ᠎ᠠ ᠪᠤᠯᠲᠠᠯ᠎ᠠ᠂ ᠤᠷᠤᠨ ᠳᠠᠶᠠᠭᠠᠷ 5.3 ᠳ᠋ᠦᠩᠰᠢᠭᠤᠷ ᠲᠤᠨ ᠲᠦᠬᠦᠭᠡᠢ ᠨᠡᠭᠦᠷᠡᠰᠤ ᠦᠢᠯᠡᠳᠪᠦᠷᠢᠯᠡᠵᠤ᠂ ᠦᠩᠭᠡᠷᠡᠭᠰᠡᠨ ᠤᠨ ᠤ ᠮᠦᠨ ᠦᠶ᠎ᠠ ᠡᠴᠡ 6100 ᠲᠦᠮᠡᠨ ᠲᠤᠨ ᠨᠡᠮᠡᠭᠳᠡᠵᠤ᠂ 12.9% ᠪᠡᠷ ᠨᠡᠮᠡᠭᠳᠡᠪᠡ᠃ ᠭᠠᠷᠤᠯᠲᠠ ᠪᠤᠯᠤᠨ ᠨᠡᠮᠡᠭᠳᠡᠯ ᠤᠨ ᠬᠡᠮᠵᠢᠶ᠎ᠠ ᠨᠢ ᠤᠯᠤᠰ ᠳᠠᠶᠠᠭᠠᠷ ᠤᠨ 26.4% ᠪᠠ 56% ᠶᠢ ᠡᠵᠡᠯᠡᠨ᠂ ᠨᠡᠮᠡᠭᠳᠡᠯ ᠤᠨ ᠬᠤᠷᠳᠤᠴᠠ ᠨᠢ ᠤᠯᠤᠰ ᠳᠠᠶᠠᠭᠠᠷ ᠤᠨ ᠬᠢ ᠡᠴᠡ ᠵᠠᠭᠤᠨ ᠤ ᠬᠠᠷᠢᠴᠠᠯ ᠢᠶᠡᠷ 7.5 ᠪᠡᠷ ᠬᠤᠷᠳᠤᠨ ᠪᠠᠶᠢᠯ᠎ᠠ᠃

    ᠬᠤᠶᠠᠷ᠂ ᠦᠨ᠎᠎ᠠ ᠬᠠᠩᠰᠢ ᠶᠢᠨ ᠪᠠᠶᠢᠳᠠᠯ᠃ 7 ᠰᠠᠷ᠎ᠠ ᠳᠤ᠂ ᠤᠷᠤᠨ ᠳᠠᠶᠠᠭᠠᠷ ᠤᠨ ᠨᠡᠭᠦᠷᠡᠰᠦᠨ ᠤ ᠠᠭᠤᠷᠬᠠᠢ ᠡᠴᠡ ᠭᠠᠷᠭᠠᠬᠤ ᠦᠨ᠎ᠠ ᠨᠢ ᠲᠤᠨ ᠪᠦᠷᠢ ᠳᠤ ᠪᠡᠨ 254 ᠲᠦᠬᠦᠷᠢᠭ᠌ ᠲᠤ ᠬᠦᠷᠴᠤ᠂ ᠦᠩᠭᠡᠷᠡᠭᠰᠡᠨ ᠡᠭᠡᠯᠵᠢ ᠶᠢᠨ ᠬᠢ ᠡᠴᠡ ᠲᠤᠨ ᠪᠦᠷᠢ ᠳᠤ ᠪᠡᠨ 19 ᠲᠦᠬᠦᠷᠢᠭ᠌ ᠦᠰᠴᠤ᠂ ᠦᠩᠭᠡᠷᠡᠭᠰᠡᠨ ᠤᠨ ᠤ ᠮᠦᠨ ᠦᠶ᠎ᠠ ᠡᠴᠡ ᠲᠤᠨ ᠪᠦᠷᠢ ᠳᠤ ᠪᠡᠨ 114 ᠲᠦᠬᠦᠷᠢᠭ᠌ ᠦᠰᠴᠠᠢ᠃ ᠡᠭᠦᠨ ᠳᠤ᠂ ᠪᠠᠷᠠᠭᠤᠨ ᠪᠦᠰᠡ ᠨᠤᠲᠤᠭ ᠤᠨ ᠢᠯᠴᠢ ᠶᠢᠨ ᠬᠡᠮᠵᠢᠭᠳᠡᠯ ᠶᠡᠬᠡᠲᠠᠢ ᠰᠢᠲᠠᠭᠠᠯᠭ᠎ᠠ ᠶᠢᠨ ᠨᠡᠭᠦᠷᠡᠰᠤ ᠲᠤᠨ ᠪᠦᠷᠢ ᠳᠤ ᠪᠡᠨ 353 ᠲᠦᠬᠦᠷᠢᠭ᠌ ᠲᠤ ᠬᠦᠷᠴᠤ᠂ ᠦᠩᠭᠡᠷᠡᠭᠰᠡᠨ ᠡᠭᠡᠯᠵᠢ ᠶᠢᠨ ᠬᠢ ᠡᠴᠡ ᠲᠤᠨ ᠪᠦᠷᠢ ᠳᠤ ᠪᠡᠨ 28 ᠲᠦᠬᠦᠷᠢᠭ᠌ ᠦᠰᠴᠤ᠂ ᠦᠩᠭᠡᠷᠡᠭᠰᠡᠨ ᠤᠨ ᠤ ᠮᠦᠨ ᠦᠶ᠎ᠠ ᠡᠴᠡ ᠲᠤᠨ ᠪᠦᠷᠢ ᠳᠤ ᠪᠡᠨ 169 ᠲᠦᠬᠦᠷᠢᠭ᠌ ᠦᠰᠪᠠ᠃ ᠵᠡᠭᠦᠨ ᠪᠦᠰᠡ ᠨᠤᠲᠤᠭ ᠤᠨ ᠬᠦᠷᠡᠩ ᠨᠡᠭᠦᠷᠡᠰᠦ ᠲᠤᠨ ᠪᠦᠷᠢ ᠳᠤ ᠪᠡᠨ 166 ᠲᠦᠬᠦᠷᠢᠭ᠌ ᠲᠤ ᠬᠦᠷᠴᠤ᠂ ᠦᠩᠭᠡᠷᠡᠭᠰᠡᠨ ᠡᠭᠡᠯᠵᠢ ᠶᠢᠨ ᠬᠢ ᠡᠴᠡ ᠲᠤᠨ ᠪᠦᠷᠢ ᠳᠤ ᠪᠡᠨ 11ᠲᠦᠬᠦᠷᠢᠭ᠌ ᠦᠰᠴᠤ᠂ ᠦᠩᠭᠡᠷᠡᠭᠰᠡᠨ ᠤᠨ ᠤ ᠮᠦᠨ ᠦᠶ᠎ᠠ ᠡᠴᠡ ᠲᠤᠨ ᠪᠦᠷᠢ ᠳᠤ ᠪᠡᠨ 56 ᠲᠦᠬᠦᠷᠢᠭ᠌ ᠦᠰᠦᠭᠰᠡᠨ ᠪᠠᠶᠢᠨ᠎ᠠ᠃

    ᠭᠤᠷᠪᠠ᠂ ᠦᠷ᠎ᠠ ᠠᠰᠢᠭ ᠤᠨ ᠪᠠᠶᠢᠳᠠᠯ᠃ ᠲᠦᠷᠦᠭᠦᠦ ᠬᠠᠭᠠᠰ ᠵᠢᠯ᠂ ᠤᠷᠤᠨ ᠳᠠᠶᠠᠭᠠᠷ ᠤᠨ ᠨᠡᠭᠦᠷᠡᠰᠦᠨ ᠤ ᠠᠵᠤ ᠦᠢᠯᠡᠰ 388.8 ᠳ᠋ᠦᠩᠰᠢᠭᠤᠷ ᠲᠦᠬᠦᠷᠢᠭ᠌ ᠤᠨ ᠠᠰᠢᠭ ᠬᠤᠨᠵᠢᠪᠦᠷᠢ ᠶᠢ ᠪᠡᠶᠡᠯᠡᠭᠦᠯᠵᠤ᠂ ᠦᠩᠭᠡᠷᠡᠭᠰᠡᠨ ᠤᠨ ᠤ ᠮᠦᠨ ᠦᠶ᠎ᠠ ᠡᠴᠡ 175.2% ᠪᠡᠷ ᠨᠡᠮᠡᠭᠳᠡᠨ᠂ ᠤᠷᠤᠨ ᠳᠠᠶᠠᠭᠠᠷ ᠤᠨ ᠬᠡᠪᠴᠢᠶᠡᠵᠢᠯ ᠡᠴᠡ ᠳᠡᠭᠡᠭ᠍ᠰᠢᠬᠢ ᠠᠵᠤ ᠦᠢᠯᠡᠳᠪᠦᠷᠢ ᠠᠵᠤ ᠠᠬᠤᠶᠢᠯᠠᠯ ᠤᠨ ᠬᠠᠷᠢᠴᠠᠯ ᠤᠨ 46.8% ᠶ᠋ᠢ ᠡᠵᠡᠯᠡᠵᠠᠢ᠃

    ᠲᠦᠷᠪᠡ᠂ ᠠᠶᠤᠯᠭᠦᠢ ᠦᠢᠯᠡᠳᠪᠦᠷᠢᠯᠡᠯ ᠤᠨ ᠪᠠᠶᠢᠳᠠᠯ᠃ 1-7 ᠰᠠᠷ᠎ᠠ᠎ ᠳᠤ᠂ ᠤᠷᠤᠨ ᠳᠠᠶᠠᠭᠠᠷ ᠤᠨ ᠨᠠᠭᠦᠷᠠᠰᠦᠨ ᠤ ᠠᠭᠤᠷᠬᠠᠢ ᠳᠤ ᠠᠮᠢ ᠨᠠᠰᠤᠨ ᠤ ᠡᠨᠳᠡᠯ ᠤᠨ ᠬᠡᠷᠡᠭ 3 ᠤᠳᠠᠭ᠎ᠠ ᠭᠠᠷᠴᠤ᠂ 4 ᠬᠦᠮᠦᠨ ᠡᠨᠳᠡᠪᠡ᠃ ᠡᠨᠳᠡᠯ ᠭᠠᠷᠤᠭᠰᠠᠨ ᠲᠤᠭ᠎ᠠ ᠨᠢ ᠠᠳᠠᠯᠢ ᠬᠤᠭᠤᠴᠠᠭᠠᠨ ᠤ ᠬᠢ ᠡᠴᠡ 5 ᠤᠳᠠᠭ᠎᠎ᠠ ᠬᠠᠰᠤᠭᠳᠠᠵᠤ᠂ ᠡᠨᠳᠡᠭᠰᠡᠨ ᠬᠦᠮᠦᠨ ᠤ ᠲᠤᠭ᠎ᠠ 4 ᠬᠠᠰᠤᠭᠳᠠᠨ᠂ ᠵᠠᠭᠤᠨ ᠲᠦᠮᠡᠨ ᠲᠤᠨ ᠳᠡᠬᠢ ᠡᠨᠳᠡᠯ ᠤᠨ ᠨᠤᠷᠮ᠎ᠠ ᠨᠢᠳᠤᠨᠤᠨ ᠤ ᠠᠳᠠᠯᠢ ᠬᠤᠭᠤᠴᠠᠭᠠᠨ ᠳᠤ 0.0106 ᠪᠠᠶᠢᠭᠰᠠᠨ ᠡᠴᠡ 0.0075 ᠪᠤᠯᠪᠠ᠃

ᠢᠷᠡᠯᠳᠡ᠄ ᠦᠪᠦᠷ ᠮᠣᠩᠭᠣᠯ ᠤᠨ ᠵᠠᠰᠠᠭ ᠤᠨ ᠤᠷᠳᠤᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121557460