蒙古文网站Logo
ᠰᠢᠨᠬᠤᠸᠠ ᠮᠤᠩᠭ᠋ᠤᠯ ᠨᠧᠲ

ᠤᠯᠠᠭᠠᠨᠴᠠᠪ ᠬᠤᠲᠠ ᠠᠮᠲᠠᠲᠤ ᠢᠳᠡᠭᠡᠨ ᠤ ᠨᠠᠢᠢᠷ ᠤᠨ ᠬᠤᠭᠤᠴᠠᠭᠠᠨ ᠳᠤ 22.6 ᠳ᠋ᠦᠡᠭᠰᠢᠭᠤᠷ ᠲᠦᠭᠦᠷᠢᠭ᠌ ᠤᠨ ᠬᠠᠮᠲᠤᠷᠠᠯᠴᠠᠭᠠᠨ ᠤ ᠬᠡᠯᠡᠯᠴᠡᠭᠡᠷ ᠲᠤᠭᠳᠠᠪᠡ

2017-09-19 10:56

    9 ᠰᠠᠷ᠎ᠠ ᠶᠢᠨ 16 ᠤ ᠡᠳᠦᠷ᠂ ᠵᠢᠷᠭᠤᠳᠤᠭᠠᠷ᠋ ᠬᠤᠭᠤᠴᠠᠭᠠᠨ ᠤ ᠲᠤᠮᠳᠠᠲᠤ ᠤᠷᠤᠰ ᠮᠤᠡᠭᠭᠤᠯ ᠤᠨ ᠠᠮᠲᠠᠲᠤ ᠢᠳᠡᠭᠡᠨ ᠤ ᠨᠠᠢᠢᠷ᠋ ᠵᠢᠴᠢ ᠠᠡᠭᠬᠠᠳᠤᠭᠠᠷ᠋ ᠬᠤᠭᠤᠴᠠᠭᠠᠨ ᠤ ᠲᠤᠮᠳᠠᠲᠤ ᠤᠯᠤᠰ·ᠤᠯᠠᠭᠠᠨᠴᠠᠪ  ᠤᠨ ᠠᠮᠲᠠᠲᠤ ᠢᠳᠡᠭᠡᠨ ᠤ ᠰᠤᠶᠤᠯ ᠤᠨ ᠨᠠᠢᠢᠷ᠋ ᠤᠨ ᠪᠤᠬᠢᠷᠳᠤᠯ ᠦᠭᠡᠢ ᠢᠳᠡᠭᠡᠨ ᠤᠮᠳᠠᠭᠠᠨ ᠤ ᠮᠠᠲ᠋ᠸᠷᠢᠶ᠍ᠠᠯ ᠤᠨ ᠠᠷᠠᠯᠵᠢᠶ᠍ᠠᠴᠢᠨ ᠤᠷᠢᠬᠤ ᠵᠦᠪᠳᠡᠯᠴᠡᠭᠡᠨ ᠤ ᠬᠤᠷᠠᠯ ᠵᠢᠨᠢᠡᠭ ᠲᠤᠭᠤᠷᠢᠭ ᠲᠤ ᠬᠤᠷᠠᠯᠳᠤᠵᠤ᠂ ᠤᠯᠠᠭᠠᠨᠴᠠᠪ ᠬᠤᠲᠠ ᠵᠢᠨ ᠡᠯ᠎ᠡ ᠬᠤᠰᠢᠭᠤ ᠰᠢᠶᠠᠨ ᠬᠤᠲᠠ ᠲᠤᠭᠤᠷᠢᠭ ᠤᠨ ᠵᠠᠰᠠᠭ ᠤᠨ ᠤᠷᠳᠤᠨ᠂ ᠤᠷᠤᠨ ᠤ ᠲᠤᠳᠤᠨ᠎ᠠ ᠭᠠᠳᠠᠨᠠᠬᠢ ᠬᠠᠮᠢᠶ᠎ᠠ ᠪᠦᠬᠦᠢ ᠢᠳᠡᠭᠡᠨ ᠤᠮᠳᠠᠭᠠᠨ ᠤ ᠮᠠᠲ᠋ᠸᠷᠢᠶ᠍ᠠᠯ ᠤᠨ ᠰᠠᠭᠤᠷᠢᠨ ᠵᠢᠴᠢ ᠲᠠᠮᠵᠢᠭᠤᠯᠤᠨ ᠪᠤᠷᠤᠯᠠᠭᠤᠯᠬᠤ ᠬᠤᠳᠠᠯᠳᠤᠭᠠᠴᠢᠳ ᠲᠠᠢ ᠵᠦᠪᠳᠡᠯᠴᠡᠬᠦ ᠪᠡᠷ᠋ ᠲᠠᠮᠵᠢᠨ᠂ 22.6 ᠳ᠋ᠦᠩᠰᠢᠭᠤᠷ ᠲᠦᠭᠦᠷᠢᠭ᠌ ᠤᠨ 16 ᠬᠤᠤᠰ ᠬᠠᠮᠲᠤᠷᠠᠯᠴᠠᠭᠠᠨ ᠤ ᠬᠡᠯᠡᠯᠴᠡᠭᠡᠷ᠋ ᠲᠤᠭᠳᠠᠪᠠ᠃

    ᠬᠤᠷᠠᠯ ᠲᠡᠭᠡᠷ᠋᠎ᠡ᠂ ᠤᠯᠠᠭᠠᠨᠴᠠᠪ ᠬᠤᠲᠠ ᠵᠢᠨ ᠬᠤᠪᠢᠳᠡᠨ ᠬᠠᠮᠢᠶ᠍ᠠᠷᠴᠤ ᠪᠠᠢᠢᠭ᠎ᠠ ᠬᠠᠷᠢᠭᠤᠴᠠᠯᠭᠠᠲᠠᠨ ᠲᠤᠰ ᠬᠤᠲᠠ ᠵᠢᠨ ᠮᠠᠯ ᠠᠵᠤ ᠠᠬᠤᠢ ᠲᠠᠷᠢᠶ᠍ᠠᠯᠠᠡᠭ ᠤᠨ ᠬᠦᠭ᠍ᠵᠢᠯᠲᠡ ᠵᠢᠨ ᠲᠠᠪᠠᠭᠤᠯᠢᠭ᠂ ᠬᠦᠭ᠍ᠵᠢᠯᠲᠡ ᠵᠢᠨ ᠤᠳᠤᠬᠢ ᠪᠠᠢᠢᠳᠠᠯ᠂ ᠢᠷᠡᠭᠡᠳᠦᠢ ᠵᠢᠨ ᠬᠦᠭ᠍ᠵᠢᠯᠲᠡ ᠵᠢᠨ ᠪᠠᠢᠢᠷᠢ ᠲᠤᠭᠲᠠᠭᠠᠯᠲᠠ ᠵᠡᠷᠭᠡ ᠲᠤᠭᠤᠷᠢᠨ  ᠳᠤ ᠨᠠᠷᠢᠨ ᠲᠠᠨᠢᠯᠴᠠᠭᠤᠯᠭ᠎ᠠ ᠬᠢᠪᠠ᠃ ᠲᠠᠷᠠᠭ᠎ᠠ ᠨᠢ11 ᠬᠤᠰᠢᠭᠤ ᠰᠢᠶᠠᠨ ᠬᠤᠲᠠ ᠲᠤᠭᠤᠷᠢᠭ ᠤᠨ ᠲᠦᠯᠦᠭᠡᠯᠡᠭᠴᠢ ᠲᠤᠰ ᠲᠤᠰ ᠤᠨ ᠭᠠᠵᠠᠷ᠋ ᠤᠷᠤᠨ ᠤ ᠪᠠᠨ ᠲᠠᠪᠠᠭᠤᠯᠢᠭ ᠤᠨᠴᠠᠯᠢᠭᠲᠤ ᠮᠠᠯ ᠠᠵᠤ ᠠᠬᠤᠢ ᠲᠠᠷᠢᠶ᠍ᠠᠯᠡᠡᠭ᠂ ᠮᠠᠯ ᠤᠨ ᠠᠰᠢᠭ ᠰᠢᠮ᠎ᠠ ᠲᠠᠷᠢᠶ᠍ᠠᠯᠡᠡᠭ ᠤᠨ ᠪᠦᠲᠦᠭᠡᠭ᠍ᠳᠡᠭᠦᠨ ᠤ ᠲᠤᠬᠠᠢ ᠲᠠᠨᠢᠯᠴᠠᠭᠤᠯᠭ᠎ᠠ ᠬᠢᠭ᠍ᠰᠡᠨ ᠪᠠᠢᠢᠨ᠎ᠠ᠃ ᠺᠠᠢ ᠳ᠋ᠠ ᠲᠦᠮᠦᠰᠤᠨ ᠤ ᠤᠢᠢᠯᠡᠰ ᠤᠨ ᠺᠤᠮᠫᠠᠨᠢ᠂ ᠶᠢᠨᠱᠠᠨ ᠰᠢᠯᠢᠳᠡᠭ ᠶᠤᠤᠮᠠᠢ ᠵᠢᠨ ᠺᠤᠮᠫᠠᠨᠢ ᠵᠡᠷᠭᠡ ᠠᠵᠤ ᠠᠬᠤᠢᠢᠯᠠᠯ ᠤᠨ ᠲᠦᠯᠦᠭᠡᠯᠡᠭᠴᠢ ᠲᠤᠰᠪᠦᠷᠢ ᠦᠪᠡᠷ᠋ ᠤᠨ ᠠᠵᠤ ᠠᠬᠤᠢᠢᠯᠠᠯ ᠵᠢᠡᠨ ᠲᠠᠨᠢᠯᠴᠠᠭᠤᠯᠪᠡ᠃ ᠵᠠᠰᠠᠭ ᠤᠨ ᠤᠷᠳᠤᠨ ᠠᠵᠤ ᠠᠬᠤᠢᠢᠯᠠᠯ ᠬᠤᠶᠠᠷ ᠲᠠᠯ᠎ᠠ ᠪᠡᠷ ᠢᠶᠡᠨ ᠵᠦᠪᠳᠡᠯᠴᠡᠬᠦ ᠪᠡᠷ᠋ ᠲᠠᠮᠵᠢᠨ᠂ ᠲᠦᠮᠦᠰᠤᠨ ᠤ ᠪᠦᠯᠦᠭᠯᠡᠯ(ᠦᠪᠦᠷ᠋ ᠮᠤᠡᠭᠭᠤᠯ) ᠤᠨ ᠲᠠᠷᠢᠶ᠍ᠠᠯᠡᠡᠭ ᠤᠨ ᠰᠢᠨᠵᠢᠯᠡᠬᠦ ᠤᠬᠠᠭᠠᠨ ᠲᠸᠭ᠍ᠨᠢᠭ᠌ ᠮᠡᠷᠭᠡᠵᠢᠯ ᠤᠨ ᠬᠢᠵᠠᠭᠠᠷᠲᠤ ᠺᠤᠮᠫᠠᠨᠢ ᠬᠢᠭᠡᠳ ᠵᠦᠡᠭᠱᠠᠨ ᠬᠤᠲᠠ ᠵᠢᠨ ᠬᠤᠤ ᠱᠸᠤ ᡁᠢ ᠲᠠᠷᠢᠶ᠍ᠡᠯᠡᠡᠭ ᠤᠨ ᠪᠦᠲᠦᠭᠡᠭ᠍ᠳᠡᠭᠦᠨ ᠤ ᠬᠢᠵᠠᠭᠠᠷᠲᠤ ᠺᠤᠮᠫᠠᠨᠢ᠂ ᠹᠸᠡᠭᠵᠧᠨ ᠤ ᠶᠸᠪᠡᠡᠭ ᠤᠨ ᠨᠠᠢᠢᠭᠡᠮᠯᠢᠭ᠌ ᠬᠢᠭᠡᠳ ᠦᠪᠤᠷ᠋ ᠮᠤᠡᠭᠭᠤᠯ ᠤᠨ ᠳ᠋ᠤᠤ ᠰᠢᠶᠠᠩ ᠼᠦᠨ ᠢᠳᠡᠭᠡᠨ ᠤᠮᠳᠠᠭᠠᠨ ᠤ ᠬᠢᠵᠠᠭᠠᠷᠲᠤ ᠺᠤᠮᠫᠠᠨᠢ᠂ ᠴᠠᠠᠬᠷ᠋ ᠪᠠᠷᠠᠭᠤᠨ ᠭᠠᠷᠤᠨ ᠡᠮᠦᠨᠡᠲᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠬᠢᠭᠡᠳ ᠪᠡᠭᠡᠵᠢᠡᠭ ᠤᠨ ᠵᠢᠨ ᠸᠸᠢ ᠵᠡᠷᠭᠡ16 ᠬᠤᠤᠰ ᠬᠠᠮᠲᠤᠷᠠᠯᠴᠠᠭᠠᠨ ᠤ ᠬᠡᠯᠡᠯᠴᠡᠭᠡᠷ᠋ ᠲᠤᠬᠳᠠᠪᠡ᠃ ᠤᠯᠠᠭᠠᠨᠴᠠᠪ ᠬᠤᠲᠠ ᠪᠤᠯ ᠦᠪᠤᠷ᠋ ᠮᠤᠡᠭᠭᠤᠯ ᠤᠨ ᠪᠤᠬᠢᠷᠳᠤᠯ ᠦᠭᠡᠢ ᠤᠷᠭᠠᠨᠢᠭ ᠮᠠᠯ ᠤᠨ ᠠᠰᠢᠬ ᠰᠢᠮ᠎ᠠ ᠲᠠᠷᠢᠶ᠍ᠡᠯᠡᠡᠭ ᠤᠨ ᠪᠦᠲᠦᠭᠡᠭ᠍ᠳᠡᠭᠦᠨ ᠤ ᠰᠢᠯᠢᠳᠡᠭ ᠭᠠᠷᠤᠯᠲᠠ ᠵᠢᠨ ᠤᠷᠤᠨ ᠂ ᠤᠳᠤ ᠨᠢᠭᠡᠨᠲᠡ ᠲᠦᠮᠦᠰᠤ᠂ ᠬᠦᠢᠲᠡᠨ ᠰᠡᠷᠢᠬᠦᠨ ᠢᠳᠡᠰᠢᠨ ᠨᠤᠭᠤᠭ᠎ᠠ᠂ ᠨᠤᠬᠠᠢ ᠵᠢᠨ ᠬᠤᠰᠢᠭᠤ ᠬᠤᠯᠢᠰᠢᠨ ᠠᠮᠤ ᠂ ᠮᠢᠬᠠᠨ ᠤ ᠬᠤᠨᠢ᠂ ᠮᠢᠬᠠᠨ ᠤ ᠭᠠᠬᠠᠢ᠂ ᠮᠢᠬᠠᠨ ᠤ ᠲᠠᠬᠢᠶ᠎ᠠ ᠵᠡᠷᠭᠡ ᠲᠠᠪᠠᠭᠤᠯᠢᠭ ᠠᠵᠤ ᠤᠢᠢᠯᠠᠰ ᠢ ᠪᠦᠷᠢᠯᠳᠦᠭᠦᠯᠦᠭᠰᠡᠨ ᠪᠠᠢᠢᠨ᠎ᠠ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121687432