蒙古文网站Logo
ᠰᠢᠨᠬᠤᠸᠠ ᠮᠤᠩᠭ᠋ᠤᠯ ᠨᠧᠲ

ᠬᠤᠤᠰ ᠠᠮᠠᠷᠠᠯᠲᠠ ᠶᠢᠨ ᠬᠤᠭᠤᠴᠠᠭᠠᠨ ᠳᠤ ᠦᠪᠦᠷ ᠮᠣᠩᠭᠣᠯ ᠤᠨ ᠵᠢᠵᠢᠭᠯᠡᠨ ᠪᠤᠷᠤᠯᠠᠭᠤᠯᠤᠭᠰᠠᠨ ᠪᠠ ᠬᠤᠭᠤᠯᠠ ᠤᠮᠲᠠ ᠶᠢᠨ ᠠᠵᠤ ᠠᠬᠤᠶᠢᠯᠠᠯ ᠤᠨ ᠪᠤᠷᠤᠯᠠᠭᠤᠯᠤᠭᠰᠠᠨ ᠦᠷᠲᠡᠭ 18.77 ᠳ᠋ᠦᠩᠰᠢᠭᠤᠷ ᠲᠦᠬᠦᠷᠢᠭ᠌ ᠲᠤ ᠬᠦᠷᠪᠡ

2017-10-10 11:12

    10 ᠰᠠᠷ᠎ᠠ ᠶᠢᠨ 1 ᠡᠴᠡ 7 ᠤ ᠡᠳᠦᠷ ᠪᠤᠯᠲᠠᠯ᠎ᠠ᠂ ᠤᠷᠤᠨ ᠳᠠᠶᠠᠭᠠᠷ ᠤᠨ ᠵᠢᠵᠢᠭᠯᠡᠨ ᠪᠤᠷᠤᠯᠠᠭᠤᠯᠤᠭᠰᠠᠨ ᠪᠠ ᠬᠤᠭᠤᠯᠠ ᠤᠮᠲᠠ ᠶᠢᠨ ᠠᠵᠤ ᠠᠬᠤᠶᠢᠯᠠᠯ ᠤᠨ ᠪᠤᠷᠤᠯᠠᠭᠤᠯᠤᠭᠰᠠᠨ ᠦᠷᠲᠡᠭ 18.77 ᠳ᠋ᠦᠩᠰᠢᠭᠤᠷ ᠲᠦᠬᠦᠷᠢᠭ᠌ ᠲᠤ ᠬᠦᠷᠴᠤ᠂ ᠨᠢᠳᠤᠨᠤᠨ ᠤ ᠠᠳᠠᠯᠢ ᠬᠤᠭᠤᠴᠠᠭᠠᠨ ᠤ ᠬᠢ ᠡᠴᠡ 7.5% ᠪᠡᠷ ᠨᠡᠮᠡᠭᠳᠡᠪᠡ᠃ ᠦᠨᠦ ᠵᠢᠯ ᠤᠨ ᠬᠤᠤᠰ ᠠᠮᠠᠷᠠᠯᠲᠠ ᠶᠢᠨ ᠬᠤᠭᠤᠴᠠᠭᠠᠨ ᠳᠤ᠂ ᠦᠪᠦᠷ ᠮᠣᠩᠭᠣᠯ ᠤᠨ ᠡᠯ᠎ᠠ ᠲᠦᠷᠦᠯ ᠤᠨ ᠬᠡᠷᠡᠭᠯᠡᠭᠡ ᠲᠦᠷᠭᠡᠨ ᠦᠰᠦᠯᠲᠠ ᠲᠠᠢ᠃

    ᠢᠳᠡᠭᠡᠨ᠂ ᠠᠷᠢᠬᠢ ᠲᠠᠮᠠᠬᠢ᠂ ᠤᠮᠳᠠᠭᠠᠨ ᠵᠡᠷᠭᠡ ᠲᠠᠸᠠᠷ ᠤᠨ ᠪᠤᠷᠤᠯᠠᠭᠤᠯᠭ᠎ᠠ ᠲᠤᠰ ᠪᠦᠷᠢ ᠨᠢᠳᠤᠨᠤᠨ ᠤ ᠠᠳᠠᠯᠢ ᠬᠤᠭᠤᠴᠠᠭᠠᠨ ᠤ ᠬᠢ ᠡᠴᠡ 12.55%᠂ 21.31% ᠪᠤᠯᠤᠨ 14.19% ᠪᠡᠷ ᠨᠡᠮᠡᠭᠳᠡᠵᠠᠢ᠃ ᠬᠡᠷ ᠤᠨ ᠴᠠᠬᠢᠯᠭᠠᠨᠨ ᠬᠡᠷᠡᠭᠰᠡᠯ ᠪᠤᠯᠤᠨ ᠳᠠᠭᠤ ᠳᠦᠷᠰᠤ ᠶᠢᠨ ᠪᠦᠲᠦᠭᠡᠭ᠍ᠲᠡᠬᠦᠨ ᠤ ᠪᠤᠷᠤᠯᠠᠭᠤᠯᠭ᠎ᠠ ᠦᠩᠭᠡᠷᠡᠭᠰᠡᠨ ᠤᠨ ᠤ ᠮᠦᠨ ᠦᠶ᠎ᠠ ᠡᠴᠡ 13.24% ᠪᠡᠷ ᠨᠡᠮᠡᠭᠳᠡᠪᠠ᠃ ᠬᠤᠤᠰ ᠠᠮᠠᠷᠠᠯᠲᠠ ᠶᠢᠨ ᠬᠤᠭᠤᠴᠠᠭᠠᠨ ᠳᠤ ᠵᠢᠭᠤᠯᠴᠢᠯᠠᠯ ᠤᠨ ᠬᠡᠷᠡᠭᠯᠡᠭᠡ ᠨᠠᠩ ᠬᠦᠭ᠍ᠵᠢᠶᠡᠨᠲᠠᠢ᠂ ᠤᠷᠳᠤᠰ ᠬᠤᠲᠠ ᠶᠢᠨ ᠠᠮᠢᠲᠠᠨ ᠤ ᠬᠦᠷᠢᠶᠡᠯᠡᠩ ᠲᠠᠪᠬᠤᠷᠳᠠᠭᠰᠠᠨ ᠲᠤᠭ᠎ᠠ ᠪᠡᠷ ᠨᠡᠶᠢᠲᠡ 30.457 ᠲᠦᠮᠡ ᠬᠦᠮᠦᠨ ᠬᠦᠯᠢᠶᠡᠨ ᠠᠪᠴᠠᠢ᠃ ᠪᠠᠶᠠᠨᠨᠠᠭᠤᠷ ᠬᠤᠲᠠ ᠵᠡᠷᠭᠡ ᠪᠦᠰᠡ ᠨᠤᠲᠤᠭ ᠢᠶᠡᠷ ᠵᠤᠬᠢᠶᠠᠨ ᠪᠠᠶᠢᠭᠤᠯᠤᠭᠰᠠᠨ《 ᠰᠢᠵᠢᠷ ᠠᠯᠳᠠᠨ ᠭᠠᠷᠠᠭ》 ᠵᠢᠮᠢᠰ ᠲᠡᠭᠦᠬᠦ ᠨᠠᠶᠢᠷ᠂ ᠡᠵᠡᠨ᠎ᠠ ᠬᠤᠰᠢᠭᠤᠨ ᠤ ᠲᠤᠤᠷᠠᠢ ᠶᠢᠨ ᠤᠢ ᠶᠢᠨ ᠠᠮᠢ ᠠᠬᠤᠢ ᠶᠢᠨ ᠵᠢᠭᠤᠯᠴᠢᠯᠠᠯ ᠤᠨ ᠨᠠᠶᠢᠷ ᠵᠡᠷᠭᠡ ᠨᠢ ᠴᠦᠮ ᠮᠠᠰᠢ ᠠᠷᠪᠢᠨ ᠵᠢᠭᠤᠯᠴᠢᠳ ᠤᠨ ᠠᠩᠬᠠᠷᠤᠯ ᠢ ᠲᠠᠲᠠᠭᠰᠠᠨ ᠪᠠᠶᠢᠨ᠎ᠠ᠃

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121779656