蒙古文网站Logo
ᠰᠢᠨᠬᠤᠸᠠ ᠮᠤᠩᠭ᠋ᠤᠯ ᠨᠧᠲ

ᠬᠦᠬᠡᠬᠤᠳᠠ ᠵᠢᠨ ᠴᠠᠭᠠᠨ ᠰᠤᠪᠤᠷᠭ᠎ᠠ ᠤᠯᠠᠨ ᠤᠯᠤᠰ ᠤᠨ ᠨᠢᠰᠬᠦ ᠤᠩᠭ᠋ᠤᠴᠠᠨ ᠤ ᠪᠠᠭᠤᠳᠠᠯ ᠤᠨ ᠵᠦᠬᠡᠬᠡᠪᠦᠷᠢᠯᠡᠭᠰᠡᠨ ᠠᠶᠠᠨᠴᠢᠨ ᠤ ᠲᠤᠭ᠎ᠠ ᠨᠢᠳᠤᠨᠤᠨ ᠤ ᠬᠢ ᠡᠴᠡ 28.1% ᠪᠡᠷ ᠨᠡᠮᠡᠭᠳᠡᠪᠡ

2017-10-11 16:19

    ᠦᠨᠦ ᠵᠢᠯ ᠤᠨ ᠤᠯᠤᠰ ᠤᠨ ᠪᠠᠶᠠᠷ ᠤᠨ ᠠᠮᠠᠷᠠᠯᠳᠠ ᠶᠢᠨ ᠬᠤᠭᠤᠴᠠᠭᠠᠨ ᠳ᠋ᠤ ᠬᠦᠬᠡᠬᠤᠳᠠ ᠵᠢᠨ ᠴᠠᠭᠠᠨ ᠰᠤᠪᠤᠷᠭ᠎ᠠ ᠤᠯᠠᠨ ᠤᠯᠤᠰ ᠤᠨ ᠨᠢᠰᠬᠦ ᠤᠩᠭ᠋ᠤᠴᠠᠨ ᠤ ᠪᠠᠭᠤᠳᠠᠯ ᠨᠡᠢᠢᠳᠡ 27.22 ᠲᠦᠮᠡᠨ ᠠᠶᠠᠨᠴᠢᠨ(ᠳᠠᠪᠬᠤᠷᠳᠠᠭᠰᠠᠨ ᠲᠤᠭ᠎ᠠ) ᠵᠦᠬᠡᠬᠡᠪᠦᠷᠢᠯᠡᠵᠦ᠂ ᠨᠢᠳᠤᠨᠤᠨ ᠤ ᠠᠳᠠᠯᠢ ᠬᠤᠭᠤᠴᠠᠭᠠᠨ ᠤ ᠬᠢ ᠡᠴᠡ 28.1% ᠪᠡᠷ ᠨᠡᠮᠡᠭᠳᠡᠭᠰᠡᠨ ᠪᠠᠢᠢᠨ᠎ᠠ᠃

    ᠤᠢᠢᠯᠠᠭᠠᠬᠰᠠᠨ ᠢᠶᠡᠷ᠂ ᠦᠨᠦ ᠵᠢᠯ ᠤᠨ 10 ᠰᠠᠷ᠎᠎ᠠ ᠶᠢᠨ 1 ᠡᠴᠡ 8 ᠤ ᠡᠳᠦᠷ ᠪᠤᠯᠲᠠᠯ᠎ᠠ᠂ ᠬᠦᠬᠡᠬᠤᠳᠠ ᠶᠢᠨ ᠴᠠᠭᠠᠨ ᠰᠤᠪᠤᠷᠭ᠎ᠠ ᠤᠯᠠᠨ ᠤᠯᠤᠰ ᠤᠨ ᠨᠢᠰᠬᠦ ᠤᠩᠭ᠋ᠤᠴᠠᠨ ᠤ ᠪᠠᠭᠤᠳᠠᠯ ᠨᠡᠢᠢᠳᠡ 2474ᠡᠬᠡᠯᠵᠢ(ᠤᠳᠠᠭ᠎ᠠ) ᠶ᠋ᠢᠨ ᠨᠢᠰᠬᠦ ᠤᠩᠭ᠋ᠤᠴᠠᠨ ᠤ ᠨᠢᠰᠴᠤ ᠪᠠᠭᠤᠬᠤ ᠵᠢ ᠪᠠᠲᠤᠯᠠᠵᠦ᠂ ᠨᠢᠳᠤᠨᠤᠨ ᠤ ᠠᠳᠠᠯᠢ ᠬᠤᠭᠤᠴᠠᠭᠠᠨ ᠤ ᠬᠢ ᠡᠴᠡ 25.2% ᠢᠶᠡᠷ ᠨᠡᠮᠡᠭᠳᠡᠨ᠂ ᠡᠳᠦᠷ ᠲᠤᠮᠳᠠᠴᠢ ᠪᠡᠷ 309 ᠡᠬᠡᠯᠵᠢ(ᠤᠳᠠᠭ᠎ᠠ) ᠶ᠋ᠢᠨ ᠨᠢᠰᠬᠦ ᠤᠩᠭ᠋ᠤᠴᠠᠨ ᠤ ᠨᠢᠰᠴᠤ ᠪᠠᠭᠤᠬᠤ ᠶᠢ ᠪᠠᠲᠤᠯᠠᠵᠠᠢ᠂ ᠡᠭᠦᠨ ᠳ᠋ᠤ 10 ᠰᠠᠷ᠎ᠠ ᠶᠢᠨ 1 ᠤ ᠡᠳᠦᠷ ᠨᠡᠶᠢᠲᠡ 320 ᠡᠬᠡᠯᠵᠢ(ᠤᠳᠠᠭ᠎ᠠ) ᠶ᠋ᠢᠨ ᠨᠢᠰᠬᠦ ᠤᠩᠭ᠋ᠤᠴᠠ  ᠨᠢᠰᠴᠤ ᠪᠠᠭᠤᠬᠰᠠᠨ ᠪᠠᠢᠢᠨ᠎ᠠ᠃ ᠡᠬᠦᠨ ᠡᠴᠡ ᠭᠠᠳᠠᠨ᠎ᠠ᠂ ᠲᠤᠰ ᠨᠢᠰᠬᠦ ᠤᠩᠭ᠋ᠤᠴᠠᠨ ᠤ ᠪᠠᠭᠤᠳᠠᠯ ᠨᠢ ᠤᠯᠤᠰ ᠤᠨ ᠪᠠᠶᠠᠷ ᠤᠨ ᠠᠮᠠᠷᠠᠯᠳᠠ ᠵᠢᠨ ᠬᠤᠭᠤᠴᠠᠭᠠ ᠳ᠋ᠤ ᠪᠠᠰᠠ 636.7 ᠲᠤᠨ ᠪᠠᠷᠠᠭ᠎ᠠ ᠲᠡᠬᠡᠬᠡᠪᠦᠷᠢᠯᠡᠵᠦ᠂ ᠨᠢᠳᠤᠨᠤᠨ ᠤ ᠠᠳᠠᠯᠢ ᠬᠤᠭᠤᠴᠠᠭᠠᠨ ᠤ ᠬᠢ ᠡᠴᠡ 12.8% ᠪᠡᠷ ᠨᠡᠮᠡᠭᠳᠡᠭᠰᠡᠨ ᠪᠠᠢᠢᠨ᠎ᠠ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121787502