蒙古文网站Logo
ᠰᠢᠨᠬᠤᠸᠠ ᠮᠤᠩᠭ᠋ᠤᠯ ᠨᠧᠲ

9 ᠰᠠᠷ᠎ᠠ ᠳᠤ ᠨᠢᠭᠡᠳᠦᠭᠡᠷ ᠵᠡᠷᠭᠡᠯᠡᠯ ᠤᠨ ᠬᠤᠲᠠ ᠶᠢᠨ ᠤᠷᠤᠨ ᠰᠠᠭᠤᠴᠠ ᠶᠢᠨ ᠦᠨ᠎ᠠ ᠬᠠᠩᠰᠢ ᠪᠠᠭᠤᠷᠠᠪᠠ

2017-10-23 21:12

    ᠰᠢᠨᠬᠤᠸᠠ ᠬᠤᠷᠢᠶ᠎ᠠ   ᠪᠡᠭᠡᠵᠢᠩ ᠤᠨ 10 ᠰᠠᠷ᠎ᠠ ᠶᠢᠨ 23 ᠤ ᠡᠳᠦᠷ ᠤᠨ ᠴᠠᠬᠢᠯᠭᠠᠨ ᠮᠡᠳᠡᠭᠡ   ᠤᠯᠤᠰ ᠤᠨ ᠲᠤᠭ᠎ᠠ ᠪᠦᠷᠢᠳᠭᠡᠯ ᠤᠨ ᠲᠤᠪᠴᠢᠶ᠎ᠠ ᠶᠢᠨ 23 ᠤ ᠡᠳᠦᠷ ᠨᠡᠶᠢᠲᠡᠯᠡᠭᠰᠡᠨ ᠲᠤᠭ᠎ᠠ᠎ ᠪᠦᠷᠢᠳᠭᠡᠯ ᠢ ᠦᠨᠳᠦᠰᠦᠯᠡᠪᠡᠯ᠂ 9 ᠰᠠᠷ᠎ᠠ ᠳᠤ ᠨᠢᠭᠡᠳᠦᠭᠡᠷ ᠵᠡᠷᠭᠡᠯᠡᠯ ᠤᠨ ᠰᠢᠨ᠎ᠠ ᠪᠡᠷ ᠪᠠᠶᠢᠭᠤᠯᠤᠭᠰᠠᠨ ᠲᠠᠸᠠᠷ ᠤᠨ ᠤᠷᠤᠨ ᠰᠠᠭᠤᠴᠠ ᠪᠤᠯᠤᠨ ᠬᠠᠭᠤᠴᠢᠨ ᠤᠷᠤᠨ ᠰᠠᠭᠤᠴᠠ ᠶᠢᠨ ᠦᠨ᠎ᠠ ᠬᠠᠩᠰᠢ ᠦᠩᠭᠡᠷᠡᠭᠰᠡᠨ ᠡᠭᠡᠯᠵᠢ ᠶᠢᠨ ᠬᠢ ᠡᠴᠡ ᠴᠦᠮ 0.2% ᠢ᠋ᠶᠡᠷ ᠪᠠᠭᠤᠷᠠᠪᠠ᠃

    ᠪᠦᠷᠢᠳᠭᠡᠯ ᠳᠤ᠂ 9 ᠰᠠᠷ᠎ᠠ ᠳᠤ ᠬᠤᠶᠠᠳᠤᠭᠠᠷ ᠵᠡᠷᠭᠡᠯᠡᠯ ᠤᠨ ᠬᠤᠲᠠ ᠶᠢᠨ ᠰᠢᠨ᠎ᠠ ᠪᠡᠷ ᠪᠠᠶᠢᠭᠤᠯᠤᠭᠰᠠᠨ ᠲᠠᠸᠠᠷ ᠤᠨ ᠤᠷᠤᠨ ᠰᠠᠭᠤᠴᠠ ᠶᠢᠨ ᠦᠨ᠎ᠠ ᠬᠠᠩᠰᠢ ᠦᠩᠭᠡᠷᠡᠭᠰᠡᠨ ᠡᠭᠡᠯᠵᠢ ᠶᠢᠨ ᠬᠢ ᠡᠴᠡ 0.2% ᠢ᠋ᠶᠡᠷ ᠦᠰᠴᠤ᠂ ᠦᠰᠦᠯᠲᠠ ᠶᠢᠨ ᠬᠡᠮᠵᠢᠶ᠎ᠠ ᠳᠡᠭᠡᠷ᠎ᠠ ᠰᠠᠷ᠎ᠠ ᠶᠢᠨ ᠬᠢ ᠲᠠᠢ ᠠᠳᠠᠯᠢ ᠪᠠᠶᠢᠯ᠎ᠠ᠃ ᠬᠠᠭᠤᠴᠢᠨ ᠤᠷᠤᠨ ᠰᠠᠭᠤᠴᠠ ᠶᠢᠨ ᠦᠨ᠎ᠠ ᠬᠠᠩᠰᠢ ᠦᠩᠭᠡᠷᠡᠭᠰᠡᠨ ᠡᠭᠡᠯᠵᠢ ᠶᠢᠨ ᠬᠢ ᠡᠴᠡ 0.2% ᠢ᠋ᠶᠡᠷ ᠦᠰᠴᠤ᠂ ᠦᠰᠦᠯᠲᠠ ᠶᠢᠨ ᠬᠡᠮᠵᠢᠶ᠎ᠠ ᠲᠡᠭᠡᠷ᠎ᠠ ᠰᠠᠷ᠎ᠠ ᠶᠢᠨ ᠬᠢ ᠡᠴᠡ ᠵᠠᠭᠤᠨ ᠤ ᠬᠠᠷᠢᠴᠠᠯ ᠢᠶᠡᠷ 0.1 ᠪᠡᠷ ᠪᠠᠭᠤᠷᠠᠪᠠ᠃ ᠭᠤᠷᠪᠠᠳᠤᠭᠠᠷ ᠵᠡᠷᠭᠡᠯᠡᠯ ᠤᠨ ᠬᠤᠲᠠ ᠶᠢᠨ ᠰᠢᠨ᠎ᠠ ᠪᠡᠷ ᠪᠠᠶᠢᠭᠤᠯᠤᠭᠰᠠᠨ ᠲᠠᠸᠠᠷ ᠤᠨ ᠤᠷᠤᠨ ᠰᠠᠭᠤᠴᠠ ᠪᠤᠯᠤᠨ ᠬᠠᠭᠤᠴᠢᠨ ᠤᠷᠤᠨ ᠰᠠᠭᠤᠴᠠ ᠶᠢᠨ ᠦᠨ᠎ᠠ ᠬᠠᠩᠰᠢ ᠦᠩᠭᠡᠷᠡᠭᠰᠡᠨ ᠡᠭᠡᠯᠵᠢ ᠶᠢᠨ ᠬᠢ ᠡᠴᠡ ᠴᠦᠮ 0.2% ᠪᠤᠯᠤᠨ 0.3% ᠪᠡᠷ ᠦᠰᠴᠤ᠂ ᠦᠰᠦᠯᠲᠡ ᠶᠢᠨ ᠬᠡᠮᠵᠢᠶ᠎ᠠ ᠳᠡᠭᠡᠷ᠎ᠠ ᠰᠠᠷ᠎ᠠ ᠶᠢᠨ ᠬᠢ ᠡᠴᠡ ᠵᠠᠭᠤᠨ ᠤ ᠬᠠᠷᠢᠴᠠᠯ ᠢᠶᠡᠷ ᠲᠤᠰ ᠪᠦᠷᠢ 0.2 ᠪᠤᠯᠤᠨ 0.1 ᠪᠡᠷ ᠪᠠᠭᠤᠷᠵᠠᠢ᠃

    ᠦᠩᠭᠡᠷᠡᠭᠰᠡᠨ ᠤᠨ ᠤ ᠮᠦᠨ ᠦᠶ᠎ᠠ ᠲᠠᠢ ᠬᠠᠷᠢᠴᠠᠭᠤᠯᠪᠠᠯ᠂ 70 ᠶᠡᠬᠡ ᠳᠤᠮᠳᠠ ᠬᠤᠲᠠ ᠶᠢᠨ ᠨᠢᠭᠡ ᠬᠤᠶᠠᠷ ᠭᠤᠷᠪᠠᠳᠤᠭᠠᠷ ᠵᠡᠷᠭᠡᠯᠡᠯ ᠤᠨ ᠬᠤᠲᠠ ᠶᠢᠨ ᠤᠷᠤᠨ ᠰᠠᠭᠤᠴᠠ ᠶᠢᠨ ᠦᠨ᠎ᠠ ᠬᠠᠩᠰᠢ ᠦᠩᠭᠡᠷᠡᠭᠰᠡᠨ ᠤᠨ ᠤ ᠮᠦᠨ ᠦᠶ᠎ᠠ ᠶᠢᠨ ᠬᠢ ᠡᠴᠡ ᠳᠤᠭᠤᠬᠰᠢᠯᠠᠬᠤ ᠪᠠᠶᠢᠳᠠᠯ ᠲᠠᠢ᠃ ᠨᠢᠭᠡᠳᠦᠭᠡᠷ ᠵᠡᠷᠭᠡᠯᠡᠯ ᠪᠤᠯᠤᠨ ᠬᠤᠶᠠᠳᠤᠭᠠᠷ ᠵᠡᠷᠭᠡᠯᠡᠯ ᠤᠨ 15 ᠬᠤᠲᠠ ᠡᠴᠡ 9 ᠰᠠᠷ᠎᠎ᠠ ᠳᠤ ᠪᠡᠭᠡᠵᠢᠩ᠂ ᠱᠠᠩᠬᠠᠢ᠂ ᠡᠦ ᠰᠢ᠂ ᠬᠠᠩᠵᠸᠤ᠂ ᠾᠸᠹᠸᠢ᠂ ᠹᠦᠵᠸᠤ᠂ ᠰᠢᠶᠠᠮᠸᠨ᠂ ᠵᠢᠨᠠᠨ᠂ ᠵᠸᠩᠵᠸᠤ᠂ ᠦᠬᠠᠨ᠂ ᠭᠤᠸᠠᠩᠵᠸᠤ ᠵᠡᠷᠭᠡ ᠬᠤᠲᠠ ᠶᠢᠨ ᠰᠢᠨ᠎ᠠ ᠪᠡᠷ ᠪᠠᠶᠢᠭᠤᠯᠤᠭᠰᠠᠨ ᠲᠠᠸᠠᠷ ᠤᠨ ᠤᠷᠤᠨ ᠰᠠᠭᠤᠴᠠ ᠶᠢᠨ ᠦᠨ᠎ᠠ ᠬᠠᠩᠰᠢ 8 ᠰᠠᠷ᠎ᠠ ᠶᠢᠨ ᠬᠢ ᠡᠴᠡ ᠪᠠᠭᠤᠷᠠᠵᠤ᠂ ᠲᠢᠶᠠᠨᠵᠢᠨ᠂ ᠨᠠᠨᠵᠢᠩ᠂ ᠱᠸᠨᠵᠸᠨ᠂ ᠴᠸᠩᠳᠦ᠋ ᠳᠡᠭᠡᠷ᠎ᠠ ᠰᠠᠷ᠎ᠠ ᠶᠢᠨ ᠬᠢ ᠲᠠᠢ ᠪᠠᠨ ᠠᠳᠠᠯᠢ ᠪᠠᠶᠢᠯ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121844755