蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠬᠤᠲᠠ ᠪᠠᠯᠭᠠᠰᠤᠨ ᠤ 22.83 ᠲᠦᠮᠠᠨ ᠬᠦᠮᠤᠨ ᠳ᠋ᠤ ᠰᠢᠨ᠎ᠠ ᠪᠠᠷ ᠠᠵᠢᠯ ᠤᠯᠭᠤᠪᠠ

2017-10-27 12:47

    10 ᠰᠠᠷ᠎ᠠ᠎ ᠶᠢᠨ 26 ᠤ ᠡᠲᠤᠷ ᠬᠤᠷᠠᠯᠳᠤᠬᠰᠠᠨ ᠦᠪᠦᠷ ᠮᠤᠩᠭ᠋ᠤᠯ ᠤᠨ ᠦᠪᠠᠷᠲᠠᠬᠡᠨ ᠵᠠᠰᠠᠬᠤ ᠤᠷᠤᠨ ᠤ ᠬᠦᠮᠦᠨ ᠤ ᠨᠦᠭᠡᠴᠡ ᠨᠡᠶᠢᠭᠡᠮ ᠤᠨ ᠪᠠᠳᠤᠯᠠᠭ᠎ᠠ ᠶᠢᠨ ᠲᠢᠩᠬᠢᠮ ᠤᠨ ᠬᠡᠪᠯᠡᠯ ᠮᠡᠳᠡᠭᠡᠯᠡᠯ ᠤᠨ ᠬᠤᠷᠠᠯ ᠡᠴᠡ ᠤᠶᠢᠯᠠᠭᠠᠭᠰᠨ ᠢᠶᠡᠷ᠂ ᠦᠨᠦ ᠵᠢᠯ᠋ ᠤᠨ 1-9 ᠰᠠᠷ᠎ᠠ ᠳ᠋ᠤ ᠦᠪᠦᠷ ᠮᠣᠩᠭᠣᠯ ᠤᠨ ᠬᠤᠲᠠ ᠪᠠᠯᠭᠠᠰᠤᠨ ᠤ 22.83 ᠲᠦᠮᠠᠨ ᠬᠦᠮᠤᠨ ᠳ᠋ᠤ ᠰᠢᠨ᠎ᠠ ᠪᠠᠷ ᠠᠵᠢᠯ᠋ ᠤᠯᠭᠤᠵᠤ᠂ ᠵᠢᠯ᠋ ᠤᠨ ᠲᠦᠯᠤᠪᠯᠡᠬᠡ ᠶᠢᠨ ᠢᠶᠡᠨ 91.3% ᠶ᠋ᠢ ᠪᠠᠶᠠᠯᠡᠬᠦᠯᠵᠠᠢ᠃ ᠤᠷᠤᠨ ᠳᠠᠶᠠᠭᠠᠷ ᠤᠨ ᠬᠤᠲᠠ ᠪᠠᠯᠭᠠᠰᠤᠨ ᠤ ᠪᠦᠷᠢᠳᠭᠡᠭᠦᠯᠦᠭᠰᠡᠨ ᠠᠵᠢᠯ᠋ ᠠᠯᠲᠠᠭᠰᠠᠨ ᠨᠤᠷᠮ᠎ᠠ 3.63% ᠳ᠋ᠤ ᠬᠦᠷᠴᠤ᠂ ᠵᠢᠯ᠋ ᠤᠨ ᠡᠬᠢᠨ ᠳ᠋ᠤ ᠲᠤᠭᠲᠠᠭᠰᠠᠨ 4% ᠳᠣᠳᠣᠷ᠎ᠠ ᠬᠢᠵᠠᠭᠠᠷᠯᠠᠬᠤ ᠬᠠᠷᠠᠯᠲᠠ ᠡᠴᠠ ᠪᠠᠨ ᠲᠤᠤᠷ᠎ᠠ ᠪᠤᠯᠪᠠ᠃

    1-9 ᠰᠠᠷ᠎ᠠ ᠳ᠋ᠤ᠂ ᠤᠷᠤᠨ ᠳᠠᠶᠠᠭᠠᠷ ᠤᠨ ᠶᠡᠬᠡ ᠲᠠᠬᠡᠲᠤ ᠰᠤᠷᠭᠠᠭᠤᠯᠢ ᠡᠴᠡ ᠲᠠᠬᠦᠰᠦᠭᠰᠡᠨ 12.04 ᠲᠦᠮᠠᠨ ᠤᠶᠤᠳᠡᠨ ᠠᠵᠢᠯ᠋ ᠤᠯᠤᠭᠰᠠᠨ ᠪᠤᠶᠤ ᠠᠵᠢᠯ᠋ ᠤᠯᠬᠤ ᠴᠢᠭᠯᠡᠯ᠋ ᠲᠠᠢ ᠪᠤᠯᠵᠤ᠂ ᠵᠢᠯ᠋ ᠤᠨ ᠲᠦᠯᠤᠪᠯᠡᠬᠡ ᠶᠢᠨ ᠢᠶᠡᠨ 92.6% ᠶ᠋ᠢ ᠪᠠᠶᠠᠯᠡᠬᠦᠯᠵᠤ᠂ ᠨᠢᠲᠤᠨᠤᠨ ᠤ ᠠᠲᠠᠯᠢ ᠬᠤᠭᠤᠴᠠᠭᠠᠨ ᠤ ᠬᠢ ᠡᠴᠠ 2.64 ᠲᠦᠮᠠᠨ ᠬᠦᠮᠤᠨ ᠨᠡᠮᠡᠭᠲᠠᠵᠠᠢ᠃ ᠬᠦᠯᠤᠰᠤᠨ ᠮᠠᠯᠴᠢᠨ ᠲᠠᠷᠢᠶᠠᠴᠢᠨ ᠤ ᠨᠤᠲᠤᠭ ᠲᠠᠭᠠᠨ ᠪᠤᠴᠠᠵᠤ ᠦᠢᠯᠡᠰ ᠪᠤᠰᠬᠠᠬᠤ ᠬᠦᠷᠢᠶᠠᠯᠠᠡᠭ ᠲᠤᠭᠤᠷᠢᠭ ᠤᠨ ᠪᠦᠲᠦᠬᠡᠨ ᠪᠠᠢᠢᠭᠤᠯᠤᠯᠲᠠ ᠶᠢ ᠢᠲᠠᠪᠬᠢᠲᠠᠢ ᠠᠬᠢᠭᠤᠯᠤᠨ᠂ 243.92 ᠲᠦᠮᠠᠨ ᠬᠦᠯᠤᠰᠤᠨ ᠮᠠᠯᠴᠢᠨ ᠲᠠᠷᠢᠶᠠᠴᠢᠨ ᠢ ᠰᠢᠯᠵᠢᠬᠦᠯᠤᠨ ᠠᠵᠢᠯ᠋ ᠤᠯᠭᠤᠵᠤ᠂ 10.21 ᠲᠦᠮᠠᠨ ᠬᠦᠯᠤᠰᠤᠨ ᠮᠠᠯᠴᠢᠨ ᠲᠠᠷᠢᠶᠠᠴᠢᠨ ᠳ᠋ᠤ ᠠᠵᠢᠯ᠋ ᠮᠡᠷᠬᠡᠵᠢᠯ᠋ ᠤᠨ ᠪᠤᠯᠪᠠᠰᠤᠷᠠᠯ᠋ ᠬᠦᠷᠲᠠᠬᠡᠪᠠ᠃ ᠡᠬᠦᠨ ᠤ ᠬᠠᠮᠳᠣ 3.81 ᠲᠦᠮᠠᠨ ᠶᠠᠲᠠᠭᠤ ᠬᠦᠴᠢᠷᠳᠡᠯᠲᠠᠢ ᠬᠦᠲᠠᠯᠮᠤᠷᠢ ᠬᠦᠴᠤᠨ ᠢ ᠲᠠᠡᠭᠰᠠ ᠡᠪᠬᠡᠮᠡᠯ᠋ ᠪᠠᠢᠢᠭᠤᠯᠤᠨ ᠺᠠᠷᠲ᠋ᠯᠠᠵᠤ ᠠᠵᠢᠯ᠋ ᠤᠯᠭᠤᠬᠤ ᠶᠢ ᠪᠠᠶᠠᠯᠡᠬᠦᠯᠤᠨ᠂《ᠨᠢᠬᠡ ᠬᠦᠮᠤᠨ ᠳ᠋ᠤ ᠠᠵᠢᠯ᠋ ᠤᠯᠭᠤᠪᠠᠯ᠋᠂ ᠨᠢᠬᠡ ᠡᠷᠤᠬᠡ ᠶᠢ ᠶᠠᠲᠠᠭᠤ ᠡᠴᠠ ᠠᠩᠭᠢᠵᠢᠷᠠᠭᠤᠯᠬᠤ》ᠠᠵᠢᠯ᠋ ᠢ ᠴᠢᠷᠮᠠᠢᠢᠨ ᠠᠬᠢᠭᠤᠯᠪᠠ᠃

ᠢᠷᠡᠯᠳᠡ᠄ ᠬᠦᠬᠡᠬᠤᠲᠠ ᠶᠢᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121866138