蒙古文网站Logo
ᠰᠢᠨᠬᠤᠸᠠ ᠮᠤᠩᠭ᠋ᠤᠯ ᠨᠧᠲ

ᠥᠪᠥᠷ ᠮᠣᠩᠭ᠋ᠤᠯ ᠤᠨ ᠪᠦᠬᠦ ᠨᠡᠶᠢᠭᠡᠮ ᠤᠨ ᠴᠠᠬᠢᠯᠭᠠᠨ ᠬᠡᠷᠡᠭᠯᠡᠬᠦ ᠬᠡᠮᠵᠢᠶ᠎ᠡ ᠪᠣᠯᠤᠨ ᠪᠠᠷᠠᠭ᠎ᠠ ᠲᠡᠭᠡᠭᠡᠪᠦᠷᠢ ᠶᠢᠨ ᠨᠡᠮᠡᠭᠳᠡᠯ ᠤᠨ ᠬᠡᠮᠵᠢᠶ᠎ᠡ ᠴᠥᠮ 10% ᠶ᠋ᠢ ᠳᠠᠪᠠᠪᠠ

2017-11-16 14:26

    ᠡᠨᠡ ᠵᠢᠯ ᠤᠨ 2 ᠰᠠᠷ᠎ᠠ ᠠᠴᠠ ᠨᠠᠰᠢ᠂ ᠦᠪᠦᠷ ᠮᠣᠩᠭᠣᠯ ᠤᠨ ᠨᠡᠶᠢᠭᠡᠮ ᠤᠨ ᠴᠠᠬᠢᠯᠭᠠᠨ ᠬᠡᠷᠡᠭᠯᠡᠬᠦ ᠬᠡᠮᠵᠢᠶ᠎ᠡ 8 ᠰᠠᠷ᠎ᠠ ᠳᠠᠷᠠᠭᠠᠯᠠᠨ ᠬᠤᠶᠠᠷ ᠣᠷᠣᠨᠲᠤ ᠲᠤᠭ᠎ᠠ ᠪᠠᠷ ᠨᠡᠮᠡᠭᠳᠡᠪᠡ᠃ ᠲᠦᠷᠦᠭᠦᠦ ᠭᠤᠷᠪᠠᠨ ᠤᠯᠠᠷᠢᠯ ᠳᠤ᠂ ᠦᠪᠦᠷ ᠮᠣᠩᠭᠣᠯ ᠤᠨ ᠴᠠᠬᠢᠯᠭᠠᠨ ᠬᠡᠷᠡᠭᠯᠡᠯᠲᠡ 2128.45 ᠳ᠋ᠦᠩᠰᠢᠭᠤᠷ ᠺᠢᠯᠣᠸᠠᠲ ᠴᠠᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 10.7% ᠪᠠᠷ ᠨᠡᠮᠡᠭᠳᠡᠨ᠂ ᠨᠡᠮᠡᠭᠳᠡᠯ ᠤᠨ ᠬᠡᠮᠵᠢᠶ᠎ᠡ ᠨᠢ ᠳᠡᠭᠡᠷ᠎ᠡ ᠬᠠᠭᠠᠰ ᠵᠢᠯ ᠤᠨ ᠬᠢ ᠠᠴᠠ ᠵᠠᠭᠤᠨ ᠤ ᠬᠠᠷᠢᠴᠠᠯ ᠢᠶᠡᠷ 0.5 ᠪᠡᠷ ᠲᠥᠷᠭᠡᠳᠪᠡ᠃

    ᠡᠭᠦᠨ ᠳᠤ᠂ ᠠᠵᠤ ᠦᠢᠯᠡᠳᠪᠦᠷᠢ ᠳᠤ ᠬᠡᠷᠡᠭᠯᠡᠬᠦ ᠴᠠᠬᠢᠯᠭᠠᠨ ᠤ ᠬᠡᠮᠵᠢᠶ᠎ᠡ 1855.94 ᠳ᠋ᠦᠩᠰᠢᠭᠤᠷ ᠺᠢᠯᠣᠸᠠᠲ ᠴᠠᠭ ᠬᠦᠷᠴᠦ᠂ ᠠᠳᠠᠯᠢ ᠬᠤᠭᠤᠴᠠᠭᠠᠨ ᠤ ᠠᠴᠠ ᠪᠡᠨ 10.4% ᠨᠡᠮᠡᠭᠳᠡᠨ᠂ ᠨᠡᠮᠡᠭᠳᠡᠯ ᠤᠨ ᠬᠡᠮᠵᠢᠶ᠎ᠡ ᠨᠢ ᠳᠡᠭᠡᠷ᠎ᠡ ᠬᠠᠭᠠᠰ ᠵᠢᠯ ᠤᠨ  ᠬᠢ ᠠᠴᠠ ᠵᠠᠭᠤᠨ ᠤ ᠬᠠᠷᠢᠴᠠᠯ ᠢᠶᠡᠷ 0.2 ᠢ᠋ᠶᠡᠷ ᠲᠥᠷᠭᠡᠳᠪᠡ᠃ ᠡᠨᠡ ᠵᠢᠯ ᠤᠨ 2 ᠰᠠᠷ᠎ᠠ ᠠᠴᠠ ᠨᠠᠰᠢ ᠤᠷᠤᠨ ᠳᠠᠶᠠᠭᠠᠷ ᠤᠨ ᠪᠠᠷᠠᠭ᠎ᠠ ᠲᠡᠭᠡᠭᠡᠪᠦᠷᠢ ᠶᠢᠨ ᠬᠡᠮᠵᠢᠶ᠎ᠡ 8 ᠰᠠᠷ᠎ᠠ ᠳᠠᠷᠠᠭᠠᠯᠠᠨ ᠬᠤᠶᠠᠷ ᠣᠷᠣᠨᠲᠤ ᠲᠤᠭ᠎ᠠ ᠪᠠᠷ ᠨᠡᠮᠡᠭᠳᠡᠭᠰᠡᠨ ᠪᠥᠭᠡᠳ ᠨᠡᠮᠡᠭᠳᠡᠯ ᠤᠨ ᠬᠡᠮᠵᠢᠶ᠎ᠡ ᠨᠢ ᠰᠠᠷ᠎ᠠ ᠳᠠᠷᠠᠭᠠᠯᠠᠨ ᠳᠡᠭᠡᠭ᠍ᠰᠢᠯᠡᠵᠡᠢ᠃ ᠲᠦᠷᠦᠭᠦᠦ ᠭᠤᠷᠪᠠᠨ ᠤᠯᠠᠷᠢᠯ ᠳᠤ᠂ ᠦᠪᠦᠷ ᠮᠣᠩᠭᠣᠯ ᠤᠨ ᠪᠠᠷᠠᠭ᠎ᠠ ᠲᠡᠭᠡᠭᠡᠪᠦᠷᠢ ᠶᠢ 16.89 ᠲᠣᠨ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 15.0% ᠨᠡᠮᠡᠭᠳᠡᠨ᠂ ᠨᠡᠮᠡᠭᠳᠡᠯ ᠤᠨ ᠬᠡᠮᠵᠢᠶ᠎ᠡ ᠨᠢ ᠳᠡᠭᠡᠷ᠎ᠡ ᠬᠠᠭᠠᠰ ᠵᠢᠯ ᠤᠨ ᠬᠢ ᠠᠴᠠ ᠵᠠᠭᠤᠨ ᠤ ᠬᠠᠷᠢᠴᠠᠯ ᠢᠶᠡᠷ1.3 ᠪᠡᠷ ᠲᠥᠷᠭᠡᠳᠪᠡ᠃

ᠢᠷᠡᠯᠳᠡ᠄ ᠦᠪᠦᠷ ᠮᠣᠩᠭᠣᠯ ᠤᠨ ᠵᠠᠰᠠᠭ ᠤᠨ ᠤᠷᠳᠤᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121965566