蒙古文网站Logo
ᠰᠢᠨᠬᠤᠸᠠ ᠮᠤᠩᠭ᠋ᠤᠯ ᠨᠧᠲ

11 ᠳ᠋ᠤᠬᠡᠷ ᠰᠠᠷ᠎ᠠ ᠶ᠋ᠢᠨ ᠰᠡᠭᠦᠯᠴᠢ ᠪᠣᠯᠲᠠᠯ᠎ᠠ ᠥᠪᠥᠷ ᠮᠣᠩᠭᠣᠯ ᠨᠡᠶᠢᠲᠡ 357 ᠳ᠋ᠦᠩᠰᠢᠭᠤᠷ ᠭᠠᠷᠤᠢ ᠲᠥᠭᠥᠷᠢᠭ᠌ ‍ᠥᠨ ᠮᠥᠩᠭᠥᠨ ᠭᠦᠢᠯᠭᠡᠭᠡ ᠪᠡᠷ ᠶᠠᠳᠠᠭᠤ ᠶ᠋ᠢ ᠲᠡᠳᠬᠦᠬᠦ ᠵᠢᠭᠡᠯᠡᠯᠭᠡ ᠲᠠᠯᠪᠢᠪᠠ

2017-12-19 12:59

    ᠥᠨᠥ ᠵᠢᠯ ‍ᠥᠨ 11 ᠳ᠋ᠤᠭᠡᠷ ᠰᠠᠷ᠎ᠠ ᠶ᠋ᠢᠨ ᠰᠡᠭᠦᠯᠴᠢ ᠪᠣᠯᠲᠠᠯ᠎ᠠ᠂ ᠥᠪᠥᠷ ᠮᠣᠩᠭᠣᠯ ᠤᠨ ᠬᠢᠨ ᠨᠡᠶᠢᠲᠡ 357 ᠳ᠋ᠦᠩᠰᠢᠭᠤᠷ 9000 ᠲᠦᠮᠡᠨ ᠲᠥᠭᠥᠷᠢᠭ᠌ ‍ᠥᠨ ᠮᠥᠩᠭᠥᠨ ᠭᠦᠢᠯᠭᠡᠭᠡ ᠪᠡᠷ ᠶᠠᠳᠠᠭᠤ ᠶ᠋ᠢ ᠲᠡᠳᠬᠦᠬᠦ ᠵᠢᠭᠡᠯᠡᠯᠭᠡ ᠲᠠᠯᠪᠢᠵᠤ᠂ 72 ᠲᠦᠮᠡ 6800 ᠮᠠᠯᠴᠢᠨ ᠲᠠᠷᠢᠶᠠᠴᠢᠨ ᠡᠷᠦᠬᠡ ᠪᠣᠯᠣᠨ 226 ᠳᠠᠭᠠᠭᠤᠯᠤᠭᠴᠢ ᠠᠵᠤ ᠠᠬᠤᠶᠢᠯᠠᠯ ᠤᠨ ᠦᠢᠯᠡᠳᠪᠦᠷᠢᠯᠡᠯ ᠤᠨ ᠬᠥᠭ᠍ᠵᠢᠯᠲᠡ ᠶᠢ ᠳᠡᠮᠵᠢᠪᠡ᠃

    ᠥᠪᠥᠷ ᠮᠣᠩᠭᠣᠯ  2013 ᠣᠨ ᠤ 11 ᠳ᠋ᠤᠭᠡᠷ ᠰᠠᠷ᠎ᠠ ᠡᠴᠠ ᠮᠥᠩᠭᠥᠨ ᠭᠦᠢᠯᠭᠡᠭᠡ ᠪᠡᠷ ᠶᠠᠳᠠᠭᠤ ᠶ᠋ᠢ ᠲᠡᠳᠬᠦᠨ ᠠᠷᠠᠳ ᠢᠶᠡᠨ ᠪᠠᠶᠠᠵᠢᠭᠤᠯᠬᠤ ᠲᠦᠰᠦᠯ ‍ᠢ ᠡᠬᠢᠯᠡᠭᠦᠯᠦᠭᠰᠡᠨ ᠡᠴᠡ ᠨᠠᠰᠢ ᠠᠷᠠᠳ ᠢᠶᠡᠨ ᠪᠠᠶᠠᠵᠢᠭᠤᠯᠬᠤ ᠵᠢᠭᠡᠯᠡᠯᠭᠡ ᠨᠡᠶᠢᠲᠡ 331 ᠳ᠋ᠦᠩᠰᠢᠭᠤᠷ 7000 ᠲᠦᠮᠡᠨ ᠲᠥᠭᠥᠷᠢᠭ᠌ ᠲᠠᠯᠪᠢᠵᠤ᠂ ᠳᠠᠪᠬᠤᠷᠳᠠᠭᠰᠠᠨ ᠲᠣᠭ᠎ᠠ ᠪᠠᠷ 72 ᠲᠦᠮᠡ 6800 ᠮᠠᠯᠴᠢᠨ ᠲᠠᠷᠢᠶᠠᠴᠢᠨ ᠡᠷᠦᠬᠡ ᠶ᠋ᠢ ᠰᠢᠭᠤᠳ ᠳᠡᠮᠵᠢᠭᠰᠡᠨ ᠪᠠᠶᠢᠨ᠎ᠠ᠃ ᠡᠬᠦᠨ ᠳᠤ ᠳᠠᠩᠰᠠᠨ ᠳ᠋ᠣ ᠪᠦᠷᠢᠳᠬᠡᠭᠦᠯᠦᠭᠰᠡᠨ ᠶᠠᠳᠠᠭᠤ ᠬᠦᠴᠢᠷᠲᠡᠢ ᠡᠷᠦᠬᠡ ᠶ᠋ᠢᠨ ᠵᠠᠭᠤᠨ ᠤ 21.5 ᠶ᠋ᠢ ᠬᠠᠮᠤᠷᠴᠠᠢ᠃ ᠡᠬᠦᠨ ᠡᠴᠡ ᠭᠠᠳᠠᠨ᠎ᠠ 26 ᠳ᠋ᠦᠩᠰᠢᠭᠤᠷ 2000 ᠲᠦᠮᠡᠨ ᠲᠥᠭᠥᠷᠢᠭ᠌ ‍ᠥᠨ ᠦᠢᠯᠡᠳᠪᠦᠷᠢᠯᠡᠯ ᠢᠶᠡᠨ ᠬᠥᠭ᠍ᠵᠢᠭᠦᠯᠬᠦ ᠵᠢᠭᠡᠯᠡᠯᠭᠡ ᠲᠠᠯᠪᠢᠵᠤ᠂ 226 ᠳᠠᠭᠠᠭᠤᠯᠤᠭᠴᠢ ᠠᠵᠤ ᠠᠬᠤᠶᠢᠯᠠᠯ ᠤᠨ ᠦᠢᠯᠡᠳᠪᠦᠷᠢᠯᠡᠯ ᠤᠨ ᠬᠥᠭ᠍ᠵᠢᠯᠲᠡ ᠶ᠋ᠢ ᠨᠢ ᠳᠡᠮᠵᠢᠭᠰᠡᠨ ᠪᠠᠶᠢᠨ᠎ᠠ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠷᠠᠳᠢᠣ᠋ ᠰᠦᠯᠵᠢᠶ᠎ᠡ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122134044