蒙古文网站Logo
ᠰᠢᠨᠬᠤᠸᠠ ᠮᠤᠩᠭ᠋ᠤᠯ ᠨᠧᠲ

2017 ᠤᠨ ᠳᠤ ᠮᠠᠨ ᠤ ᠤᠯᠤᠰ ᠡᠴᠡ ᠸᠢᠶ‍ᠧᠲ᠋ᠨᠠᠮ ᠳᠤ ᠵᠢᠭᠤᠯᠴᠢᠯᠠᠬᠰᠠᠳ ᠤᠨ ᠲᠤᠭ᠎ᠠ 400 ᠲᠦᠮᠡ ᠵᠢ ᠳᠠᠪᠠᠯ᠎ᠠ

2017-12-28 17:32

    ᠰᠢᠨᠬᠤᠸᠠ ᠬᠤᠷᠢᠶ᠎ᠠ  ᠬᠠᠨᠤᠢ ᠶᠢᠨ 12 ᠰᠠᠷ᠎ᠠ ᠶᠢᠨ 27 ᠤ ᠡᠳᠦᠷ ᠤᠨ ᠴᠠᠬᠢᠯᠭᠠᠨ ᠮᠡᠳᠡᠭᠡ( ᠰᠤᠷᠪᠤᠯᠵᠢᠯᠠᠬᠴᠢ ᠸᠠᠩ ᠳ᠋ᠢ᠂ ᠲᠤᠤ ᠵᠢᠶᠦ᠋ᠨ) ᠸᠢᠶ‍ᠧᠲ᠋ᠨᠠᠮ ᠤᠨ ᠪᠦᠷᠢᠳᠬᠡᠯ ᠤᠨ ᠶᠡᠷᠦᠩᠬᠡᠢ ᠲᠤᠪᠴᠢᠶ᠎ᠠ ᠶᠢᠨ 27 ᠤ ᠡᠳᠦᠷ ᠤᠨ ᠦᠭᠦᠯᠡᠭᠰᠡᠨ ᠢᠶᠡᠷ᠂ ᠲᠤᠰ ᠡᠳᠦᠷ ᠲᠤ ᠬᠦᠷᠲᠡᠯ᠎ᠡ ᠸᠢᠶ‍ᠧᠲ᠋ᠨᠠᠮ ᠤᠨ ᠲᠠᠯ᠎ᠠ ᠶᠢᠨ ᠬᠢ ᠨᠡᠶᠢᠲᠡ ᠳᠠᠪᠬᠤᠷᠳᠠᠬᠰᠠᠨ ᠲᠤᠭ᠎ᠠ ᠪᠡᠷ 400 ᠲᠦᠮᠡᠨ ᠳᠤᠮᠳᠠᠳᠤ ᠤᠯᠤᠰ ᠤᠨ ᠵᠢᠭᠤᠯᠴᠢᠳ ᠢ ᠬᠦᠯᠢᠶᠡᠨ ᠠᠪᠤᠬᠰᠠᠨ ᠪᠠ ᠡᠨᠡ ᠨᠢ ᠦᠩᠭᠡᠷᠡᠭᠰᠡᠨ ᠤᠨ ᠤ ᠮᠦᠨ ᠦᠶ᠎ᠡ ᠡᠴᠡ ᠪᠠᠨ 48.6% ᠪᠡᠷ ᠨᠡᠮᠡᠭᠳᠡᠵᠡᠢ᠃

    ᠪᠦᠷᠢᠳᠬᠡᠯ ᠢ ᠦᠨᠳᠦᠰᠦᠯᠡᠪᠡᠯ᠂ ᠡᠨᠡ ᠤᠨ ᠳᠤ ᠸᠢᠶ‍ᠧᠲ᠋ᠨᠠᠮ ᠤᠯᠤᠰ ᠳᠠᠪᠬᠤᠷᠳᠠᠬᠰᠠᠨ ᠲᠤᠭ᠎ᠠ ᠪᠡᠷ ᠨᠡᠶᠢᠲᠡ 1290 ᠲᠦᠮᠡᠨ ᠭᠠᠳᠠᠭᠠᠳᠤ ᠤᠯᠤᠰ ᠤᠨ ᠵᠢᠭᠤᠯᠴᠢᠳ ᠢ ᠬᠦᠯᠢᠶᠡᠨ ᠠᠪᠴᠦ᠂ ᠦᠩᠭᠡᠷᠡᠭᠰᠡᠨ ᠤᠨ ᠤ ᠮᠦᠨ ᠦᠶ᠎ᠡ ᠡᠴᠡ ᠪᠠᠨ 29.1% ᠪᠡᠷ ᠨᠡᠮᠡᠭᠳᠡᠵᠡᠢ᠃ ᠡᠬᠦᠨ ᠳᠤ ᠺᠤᠷᠢᠶᠠ ᠶᠢᠨ ᠵᠢᠭᠤᠯᠴᠢᠳ ᠬᠠᠮᠤᠬ ᠡᠴᠡ ᠬᠤᠷᠳᠤᠨ ᠨᠡᠮᠡᠭᠳᠡᠵᠦ᠂ ᠨᠡᠮᠡᠭᠳᠡᠯ ᠤᠨ ᠬᠠᠷᠢᠴᠠᠯ 56.4% ᠳᠤ ᠬᠦᠷᠦᠨ᠂ ᠳᠤᠮᠳᠠᠳᠤ ᠶᠢᠨ ᠵᠢᠭᠤᠯᠴᠢᠳ 48.6% ᠶᠢᠨ ᠨᠡᠮᠡᠭᠳᠡᠯ ᠤᠨ ᠬᠤᠷᠳᠤᠴᠠ ᠪᠡᠷ ᠬᠤᠶᠠᠳᠤᠭᠠᠷ ᠲᠤ ᠵᠢᠬᠰᠠᠵᠦ᠂ ᠤᠷᠤᠰ ᠤᠨ ᠵᠢᠭᠤᠯᠴᠢᠳ 32.3% ᠶᠢᠨ ᠨᠡᠮᠡᠭᠳᠡᠯ ᠤᠨ ᠬᠤᠷᠳᠤᠴᠠ ᠪᠡᠷ ᠭᠤᠳᠠᠭᠠᠷ ᠲᠤ ᠪᠠᠶᠢᠷᠢᠯᠠᠬᠰᠠᠨ ᠪᠠᠶᠢᠨ᠎ᠠ᠃

    ᠸᠢᠶ‍ᠧᠲ᠋ᠨᠠᠮ ᠤᠨ ᠪᠦᠷᠢᠳᠬᠡᠯ ᠤᠨ ᠶᠡᠷᠦᠩᠬᠡᠢ ᠲᠤᠪᠴᠢᠶ᠎ᠠ ᠶᠢᠨ ᠢᠯᠡᠷᠬᠡᠶᠢᠯᠡᠬᠦ ᠪᠡᠷ᠂ 2017 ᠤᠨ ᠳᠤ ᠭᠠᠳᠠᠭᠠᠳᠤ ᠤᠯᠤᠰ ᠤᠨ ᠵᠢᠭᠤᠯᠴᠢᠳ ᠲᠦᠷᠭᠡᠨ ᠨᠡᠮᠡᠭᠳᠡᠭᠰᠡᠨ ᠤ ᠭᠤᠤᠯ ᠰᠢᠯᠲᠠᠭᠠᠨ ᠨᠢ ᠲᠤᠰ ᠤᠯᠤᠰ ᠲᠤ APEC ᠶ᠋ᠢᠨ ᠲᠦᠷᠦᠭᠦᠴᠤᠳ ᠤᠨ ᠬᠤᠷᠠᠯ ᠵᠢᠴᠢ ᠬᠤᠯᠪᠤᠬᠳᠠᠬᠤ ᠠᠵᠢᠯᠯᠠᠭ᠎ᠠ ᠨᠤᠭᠤᠳ ᠢ ᠵᠤᠬᠢᠶᠠᠨ ᠪᠠᠶᠢᠭᠤᠯᠤᠬᠰᠠᠨ ᠪᠠ ᠳᠤᠮᠳᠠᠳᠤ ᠤᠯᠤᠰ᠂ ᠠᠦ᠋ᠰᠲ᠋ᠷᠠᠯᠢᠶ᠎ᠠ᠂ ᠶᠠᠫᠤᠨ᠂ ᠡᠧᠦ᠋ᠷᠦᠫᠡ ᠲᠢᠪ ᠪᠤᠯᠤᠨ ᠵᠡᠭᠦᠨ ᠡᠮᠦᠨᠡᠲᠤ ᠠᠽᠢᠶ᠎ᠠ ᠲᠢᠪ ᠤᠨ ᠤᠯᠤᠰ ᠤᠳ ᠲᠤ ᠰᠤᠷᠲᠠᠯᠴᠢᠯᠠᠬᠤ ᠠᠵᠢᠯᠯᠠᠭ᠎ᠠ ᠪᠠ ᠤᠯᠠᠨ ᠤᠯᠤᠰ ᠤᠨ ᠦᠵᠡᠭᠦᠯᠦᠯᠭᠡ ᠵᠢ ᠵᠤᠬᠢᠶᠠᠨ ᠪᠠᠶᠢᠭᠤᠯᠤᠬᠰᠠᠨ ᠲᠠᠢ ᠬᠤᠯᠪᠤᠭ᠎ᠠ ᠲᠠᠢ᠃ ᠳᠠᠬᠢᠪᠠᠯ ᠪᠠᠰᠠ ᠪᠠᠷᠠᠭᠤᠨ ᠡᠧᠦ᠋ᠷᠦᠫᠡ ᠶᠢᠨ ᠬᠡᠳᠦᠨ ᠤᠯᠤᠰ ᠲᠤ ᠸᠢᠰᠠ ᠡᠴᠡ ᠴᠢᠯᠦᠭᠡᠯᠡᠬᠦ ᠪᠤᠳᠤᠯᠭ᠎ᠠ ᠬᠡᠷᠡᠭᠵᠢᠭᠦᠯᠦᠭᠰᠡᠨ ᠲᠠᠢ ᠬᠤᠯᠪᠤᠭ᠎ᠠ ᠲᠠᠢ ᠭᠡᠵᠡᠢ᠃

    ᠳᠤᠮᠳᠠᠳᠤ ᠤᠯᠤᠰ ᠲᠤ ᠭᠤᠤᠯ ᠪᠤᠯᠬᠤ ᠠᠶᠠᠯᠠᠯ ᠵᠢᠭᠤᠯᠴᠢᠯᠠᠯ ᠤᠨ ᠪᠦᠰᠡ ᠪᠠᠨ ᠶᠡᠬᠡᠪᠡᠷ ᠲᠠᠨᠢᠯᠴᠠᠭᠤᠯᠬᠤ ᠶᠢᠨ ᠬᠠᠮᠲᠤ ᠳᠦᠷᠢᠮ ᠳᠤ ᠨᠡᠶᠢᠴᠡᠬᠦ ᠦᠭᠡᠢ ᠠᠶᠠᠯᠠᠯ ᠵᠢᠭᠤᠯᠴᠢᠯᠠᠯ ᠤᠨ ᠭᠠᠵᠠᠷ ᠢ ᠰᠠᠶᠢᠲᠤᠷ ᠴᠡᠭᠴᠡᠯᠡᠵᠦ᠂ ᠳᠠᠪᠬᠤᠷᠳᠠᠬᠰᠠᠨ ᠲᠤᠭ᠎ᠠ ᠪᠡᠷ 400 ᠲᠦᠮᠡᠨ ᠳᠤᠮᠳᠠᠳᠤ ᠶᠢᠨ ᠵᠢᠭᠤᠯᠴᠢᠳ ᠢ ᠤᠬᠲᠤᠬᠤ ᠪᠡᠷ ᠵᠤᠷᠢᠵᠦ ᠪᠤᠢ ᠭᠡᠵᠦ ᠸᠢᠶ‍ᠧᠲ᠋ᠨᠠᠮ ᠤᠯᠤᠰ ᠤᠨ ᠠᠶᠠᠯᠠᠯ ᠵᠢᠭᠤᠯᠴᠢᠯᠠᠯ ᠤᠨ ᠲᠤᠪᠴᠢᠶ᠎ᠠ 2017 ᠤᠨ ᠤ ᠡᠬᠢ ᠪᠡᠷ ᠦᠭᠦᠯᠡᠵᠦ ᠦᠩᠭᠡᠷᠡᠭᠰᠡᠨ ᠪᠢᠯᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122180728