蒙古文网站Logo
ᠰᠢᠨᠬᠤᠸᠠ ᠮᠤᠩᠭ᠋ᠤᠯ ᠨᠧᠲ

ᠢᠬᠢᠷ᠎ᠠ ᠡᠬᠡᠴᠢ ᠦᠬᠢᠨ ᠲᠡᠬᠦᠦ  ᠶᠢᠨ ᠤᠷᠠᠯᠢᠭᠴᠢᠨ ᠤ ᠬᠦᠰᠡᠯ

2016-01-12 12:14

    

    ᠱᠠᠨᠳᠦ᠋ᠩ ᠮᠤᠵᠢ ᠶᠢᠨ ᠵᠢᠨᠠᠨ ᠬᠤᠳᠠ ᠳᠤ᠂ ᠡᠮᠦᠰᠬᠡᠯ ᠵᠠᠰᠠᠯ᠂ ᠠᠯᠬᠤᠬᠤ ᠪᠠᠶᠢᠳᠠᠯ ᠨᠢ ᠡᠬᠡᠬᠡ ᠠᠳᠠᠯᠢ᠂18 ᠨᠠᠰᠤᠲᠠᠢ ᠢᠬᠢᠷ᠎ᠠ ᠬᠡᠦᠬᠡᠨ ᠲᠢᠶᠠᠨ ᠵᠢᠶᠠ ᠶᠤᠸᠠᠨ᠂ ᠲᠢᠶᠠᠨ ᠵᠢᠶᠠ ᠢᠦᠢ ᠲᠠᠰᠬᠠᠵᠢᠭᠤᠯᠤᠭᠴᠢ ᠶᠢᠨ ᠵᠢᠯᠤᠭᠤᠳᠤᠯᠭ᠎ᠠ ᠪᠡᠷ 2016 ᠤᠨ ᠳᠤ ᠤᠷᠠᠯᠢᠭ ᠤᠨ ᠰᠤᠷᠭᠠᠭᠤᠯᠢ ᠳᠤ ᠰᠢᠯᠭᠠᠬᠤ ᠪᠡᠷ ᠪᠡᠯᠡᠳᠬᠡᠵᠤ ᠪᠠᠶᠢᠨ᠎ᠠ᠃ 11 ᠰᠡᠨᠲ᠋ᠢᠮᠧᠠᠲ᠋ᠷ ᠦᠨᠳᠤᠷ ᠦᠰᠦᠭᠡᠶ ᠲᠠᠢ ᠱᠠᠬᠠᠢ ᠡᠮᠦᠰᠦᠭᠡᠳ᠂ ᠮᠤᠳᠧᠯ ᠠᠯᠬᠤᠳᠠᠯ ᠢᠶᠡᠷ ᠢᠳᠡᠬᠡᠯ ᠲᠡᠬᠦᠯᠳᠡᠷ ᠠᠯᠬᠤᠵᠤ᠂ ᠢᠬᠢᠷ᠎ᠠ ᠬᠡᠦᠬᠡᠨ ᠬᠦᠰᠡᠯ ᠮᠦᠷᠦᠬᠡᠳᠤᠯ ᠦᠭᠡᠳᠡ ᠪᠡᠨ ᠠᠯᠬᠤᠮ ᠠᠯᠬᠤᠮ ᠢᠶᠡᠷ ᠲᠡᠮᠡᠦᠯᠡᠵᠤ ᠪᠠᠶᠢᠨ᠎ᠠ᠃

    ᠲᠢᠶᠠᠨ ᠵᠢᠶᠠ ᠶᠤᠸᠠᠨ᠂ ᠲᠢᠶᠠᠨ ᠵᠢᠶᠠ ᠢᠦᠢ ᠡᠬᠡᠴᠢ ᠦᠬᠢᠨ ᠲᠡᠬᠦᠦ ᠬᠤᠶᠠᠷ ᠵᠢᠨᠠᠨ ᠨᠢᠬᠡᠳᠤᠭᠡᠷ ᠲᠤᠮᠳᠠᠳᠤ ᠰᠤᠷᠭᠠᠭᠤᠯᠢ ᠳᠤ ᠰᠤᠷᠤᠯᠴᠠᠵᠤ ᠪᠠᠶᠢᠳᠠᠭ᠃ ᠪᠡᠶ᠎ᠡ ᠶᠢᠨ ᠦᠨᠳᠤᠷ 170 ᠰᠡᠨᠲ᠋ᠢᠮᠧᠠᠲ᠋ᠷ᠂ ᠬᠤᠶᠠᠷ ᠬᠡᠦᠬᠡᠨ ᠪᠠᠭ᠎ᠠ ᠡᠴᠡ ᠪᠠᠨ ᠦᠭᠡᠯᠡᠢ ᠪᠤᠯᠳᠠᠯ᠎ᠠ ᠲᠤᠷ᠎ᠠ ᠰᠤᠨᠢᠷᠬᠠᠯ ᠨᠢ ᠠᠳᠠᠯᠢ᠂ ᠲᠠᠭᠤᠤ᠂ ᠪᠦᠵᠢᠭ᠌ ᠳᠤ ᠲᠤᠷᠠᠲᠠᠢ ᠪᠦᠬᠡᠳ ᠨᠢᠰᠬᠦ ᠤᠩᠭ᠋ᠤᠴᠠ ᠶᠢᠨ ᠦᠢᠯᠡᠴᠢᠯᠡᠭᠴᠢ ᠪᠤᠯᠬᠤ ᠲᠤᠷᠠᠲᠠᠢ᠃ ᠺᠢᠨᠤ‍᠋ ᠲᠧᠯᠧᠢᠰ ᠡᠴᠡ ᠬᠠᠷᠠᠭᠰᠠᠨ ᠨᠢᠰᠬᠡᠯ ᠤᠨ ᠦᠢᠯᠡᠴᠢᠯᠡᠭᠴᠢ ᠶᠢᠨ ᠲᠦᠷᠢ ᠨᠢ ᠲᠡᠳᠡᠨ ᠤ ᠰᠡᠳᠬᠢᠯ ᠳᠤ ᠬᠦᠨ ᠰᠠᠭᠤᠭᠳᠠᠵᠠᠢ᠃ ᠲᠤᠰ ᠵᠢᠯ ᠤᠨ 1 ᠰᠠᠷ᠎ᠠ ᠡᠴᠡ ᠡᠬᠢᠯᠡᠨ᠂ ᠬᠤᠶᠠᠷ ᠬᠡᠦᠬᠡᠨ ᠨᠢᠰᠬᠡᠯ ᠤᠨ ᠦᠢᠯᠡᠴᠢᠬᠡᠨ ᠤ ᠪᠤᠯᠪᠠᠰᠤᠷᠠᠯ ᠤᠨ ᠰᠤᠷᠭᠠᠭᠤᠯᠢ ᠳᠤ ᠰᠤᠷᠤᠯᠴᠠᠵᠤ ᠪᠠᠶᠢᠬᠤ ᠪᠦᠬᠡᠳ ᠰᠢᠨ᠎ᠠ ᠵᠢᠯ ᠳᠤ ᠤᠷᠠᠯᠢᠭ ᠤᠨ ᠰᠤᠷᠭᠠᠭᠤᠯᠢ ᠳᠤ ᠰᠢᠯᠭᠠᠬᠤ ᠪᠡᠷ ᠪᠡᠯᠡᠳᠬᠡᠵᠤ ᠪᠠᠶᠢᠨ᠎ᠠ᠃ ᠬᠤᠶᠠᠭᠤᠯᠠ ᠪᠠᠨ ᠠᠳᠠᠯᠢ ᠰᠤᠷᠭᠠᠭᠤᠯᠢ ᠳᠤ ᠨᠡᠷ᠎ᠡ ᠮᠡᠳᠡᠬᠦᠯᠵᠤ᠂ ᠠᠳᠠᠯᠢ ᠮᠡᠷᠭᠡᠵᠢᠯ ᠰᠤᠩᠭ᠋ᠤᠵᠤ᠂ ᠠᠳᠠᠯᠢᠬᠠᠨ ᠬᠦᠰᠡᠯ ᠮᠦᠷᠦᠬᠡᠳᠤᠯ ᠢᠶᠡᠨ ᠪᠡᠶᠡᠯᠡᠬᠦᠯᠬᠦ ᠪᠡᠷ ᠪᠠᠶᠢᠨ᠎ᠠ᠃

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691117747429