蒙古文网站Logo
ᠰᠢᠨᠬᠤᠸᠠ ᠮᠤᠩᠭ᠋ᠤᠯ ᠨᠧᠲ

ᠬᠡᠦᠬᠡᠯᠲᠡᠢ ᠺᠢᠨᠤ᠋《ᠠᠮᠢᠳᠠᠨ ᠤ ᠬᠤᠳᠠ( Zootopia)》

2016-03-15 11:50

    《ᠠᠮᠢᠳᠠᠨ ᠤ ᠬᠤᠳᠠ( Zootopia)》 ᠪᠤᠯ ᠿᠢᠴᠧ• ᠮᠤᠤᠷᠧ᠂ (Rich Moore)᠂ ᠪᠠᠶᠢᠷᠧᠨ•ᠬᠤᠸᠠᠳ᠋ ( Byron Howard ) ᠂ ᠵᠠᠷᠧᠳ• ᠪᠦᠱ (Jared Bush ) ᠨᠠᠷ ᠬᠠᠮᠳᠤᠷᠠᠨ ᠤᠳᠤᠷᠢᠳᠴᠤ᠂ ᠳ᠋ᠢᠰᠨᠢ ᠺᠢᠨᠤ‍᠋ ᠦᠢᠯᠡᠰ ᠤᠨ ᠺᠤᠮᠫᠠᠨᠢ ᠶᠢᠨ ᠦᠢᠯᠡᠳᠪᠦᠷᠢᠯᠡᠭᠰᠡᠨ 3D ᠬᠡᠦᠬᠡᠯᠲᠡᠢ ᠺᠢᠨᠤ᠋ ᠶᠤᠮ᠃ ᠲᠤᠰ ᠺᠢᠨᠤ᠋ ᠳ᠋ᠢᠰᠨᠢ ᠶᠢᠨ ᠬᠡᠦᠬᠡᠯᠲᠡᠢ ᠶᠢᠨ ᠠᠵᠢᠯᠯᠠᠭᠠᠨ ᠤ ᠦᠷᠦᠬᠡᠨ ᠤ 55 ᠳ᠋ᠤᠭᠠᠷ ᠬᠡᠦᠬᠡᠯᠲᠡᠢ ᠶᠢᠨ ᠤᠷᠳᠤ ᠺᠢᠨᠤ᠋ ᠂ 《ᠤᠳᠠᠨ ᠤᠢ ᠶᠢᠨ ᠰᠠᠯᠬᠢ (The Wind in the Willows)》 ᠳ᠋ᠡᠬᠢ ᠬᠦᠮᠦᠨ ᠲᠦᠷᠦᠯᠬᠢᠲᠡᠨ ᠲᠠᠢ ᠠᠳᠠᠯᠢ ᠦᠬᠡ ᠶᠠᠷᠢᠵᠤ ᠴᠢᠳᠠᠳᠠᠭ ᠠᠮᠢᠳᠠᠨ ᠡᠴᠡ ᠰᠡᠳᠬᠢᠮᠵᠢᠯᠡᠨ ᠨᠠᠶᠢᠷᠠᠭᠤᠯᠤᠨ ᠤᠳᠤᠷᠢᠳᠴᠠᠢ᠃

    ᠲᠤᠰ ᠺᠢᠨᠤ᠋ ᠳᠤ ᠡᠩᠬᠡ ᠲᠠᠶᠢᠪᠤᠩ ᠠᠮᠢᠳᠠᠨ ᠤ ᠬᠤᠳᠠ ᠳᠤ ᠲᠠᠤᠯᠠᠢ ᠵᠦᠳᠢ ᠦᠪᠡᠷ ᠤᠨ ᠴᠢᠷᠮᠠᠶᠢᠯᠭ᠎ᠠ ᠪᠡᠷ ᠢᠶᠡᠨ ᠬᠦᠰᠡᠯ ᠢᠶᠡᠨ ᠪᠡᠶᠡᠯᠡᠬᠦᠯᠵᠤ᠂ ᠠᠮᠢᠳᠠᠨ ᠤ ᠴᠠᠭᠳᠠᠭ᠎ᠠ ᠪᠤᠯᠤᠭᠰᠠᠨ ᠦᠯᠢᠭᠡᠷ ᠢ ᠪᠢᠴᠢᠵᠡᠢ᠃

    ᠲᠤᠮᠳᠠᠳᠤ ᠤᠯᠤᠰ ᠲᠤᠰ ᠬᠢᠨᠤ᠋ ᠶᠢ 2016 ᠤᠨ ᠤ 3 ᠰᠠᠷ᠎ᠠ ᠶᠢᠨ 4 ᠤ ᠡᠳᠤᠷ ᠤᠮᠠᠷᠠᠳᠤ ᠠᠮᠧᠷᠢᠺᠠ ᠲᠠᠢ ᠠᠳᠠᠯᠢ ᠨᠢᠬᠡᠨ ᠴᠠᠭ ᠲᠤ ᠦᠵᠡᠭᠴᠢᠳ ᠲᠠᠢ ᠪᠡᠨ ᠵᠤᠯᠭᠠᠭᠤᠯᠤᠭᠰᠠᠨ ᠪᠠᠶᠢᠨ᠎ᠠ᠃

   ᠤᠳᠤᠬᠢᠴᠢᠯᠠᠭᠰᠠᠨ ᠠᠮᠢᠳᠠᠨ ᠤ ᠬᠤᠳᠠ ᠳᠤ ᠠᠮᠢᠳᠠᠨ ᠪᠤᠯᠭᠠᠨ ᠦᠪᠡᠷ ᠤᠨ ᠢᠶᠡᠨ ᠠᠮᠢᠳᠤᠷᠠᠯ ᠤᠨ ᠲᠤᠭᠤᠷᠢᠭ ᠲᠠᠢ᠂ ᠲᠤᠬᠠᠶᠢᠯᠠᠪᠠᠯ ᠡᠯᠡᠰᠤ ᠮᠠᠩᠬᠠᠨ ᠤ ᠭᠠᠩ ᠬᠠᠭᠤᠷᠠᠢ ᠴᠠᠭ ᠠᠭᠠᠷ ᠲᠠᠢ ᠰᠠᠬᠠᠷᠠ ᠳᠠᠯᠠᠪᠠᠢ᠂ ᠵᠢᠯ ᠳᠤᠷᠰᠢ ᠬᠠᠬᠢᠷ ᠬᠦᠢᠲᠡᠨ ᠪᠠᠶᠢᠳᠠᠭ ᠮᠦᠰᠦᠨ ᠭᠤᠤᠯ ᠤᠨ ᠪᠠᠯᠭᠠᠰᠤ ᠵᠡᠷᠬᠡ᠃ ᠡᠳᠡᠬᠡᠷ ᠨᠢ ᠶᠠᠭ ᠨᠢᠬᠡᠨ ᠬᠠᠯᠠᠭᠤᠨ ᠳᠤᠯᠠᠭᠠᠨ ᠬᠡᠷ ᠪᠦᠯᠢ ᠰᠢᠭ᠌᠂ ᠠᠮᠢᠳᠠᠳ ᠬᠤᠭᠤᠷᠤᠨᠳᠤ ᠪᠠᠨ ᠡᠶ᠎ᠡ ᠨᠠᠶᠢᠷᠳᠠᠢ ᠤᠷᠤᠰᠢᠨ ᠠᠮᠢᠳᠤᠷᠠᠳᠠᠭ᠃ ᠲᠤᠮᠤ ᠵᠠᠭᠠᠨ ᠡᠴᠡ ᠵᠢᠵᠢᠭ᠌ ᠬᠤᠯᠤᠭᠠᠨ᠎ᠠ ᠬᠦᠷᠲᠡᠯ᠎ᠡ᠂ ᠴᠢᠷᠮᠠᠶᠢᠳᠠᠭ ᠯᠠ ᠶᠤᠮ ᠪᠤᠯ ᠠᠮᠵᠢᠯᠳᠠ ᠳᠤ ᠬᠦᠷᠴᠤ ᠴᠢᠳᠠᠨ᠎ᠠ ᠬᠡᠰᠡᠨ ᠰᠠᠨᠠᠭ᠎ᠠ ᠶᠢ ᠳᠤᠰ ᠺᠢᠨᠤ᠋ ᠳᠤ ᠳᠤᠰᠬᠠᠵᠠᠢ᠃ (ᠵᠢᠷᠤᠭ ᠢ ᠨᠧᠲ ᠡᠴᠡ)

ᠠᠮᠢᠳᠠᠨ ᠤ ᠬᠤᠳᠠ( Zootopia)

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691118335429