蒙古文网站Logo
ᠰᠢᠨᠬᠤᠸᠠ ᠮᠤᠩᠭ᠋ᠤᠯ ᠨᠧᠲ

ᠵᠢᠷᠤᠭᠴᠢᠨ ᠾᠧ ᠫᠢᠩ ᠤᠨ ᠬᠠᠷᠠᠭᠠᠨ ᠳᠡᠬᠢ ᠠᠷᠭᠠᠯᠢ ᠤᠭᠠᠯᠵᠠ

2016-03-17 18:17

     ᠵᠢᠷᠤᠭᠴᠢᠨ ᠾᠧ ᠫᠢᠩ ᠤᠨ ᠬᠠᠷᠠᠭᠠᠨ ᠳᠡᠬᠢ ᠠᠷᠭᠠᠯᠢ ᠤᠭᠠᠯᠵᠠ ᠾᠧ ᠫᠢᠩ ᠪᠤᠯ ᠬᠦᠳᠡᠭᠡ ᠨᠤᠳᠤᠭ ᠲᠤ ᠲᠦᠷᠦᠵᠤ ᠦᠰᠦᠭᠰᠡᠨ ᠲᠤᠭᠳᠠᠭᠤᠨ ᠲᠦᠯᠬᠡᠨ ᠵᠠᠩ ᠲᠠᠢ᠂ ᠲᠠᠯ᠎ᠠ ᠰᠢᠭ ᠢᠶᠡᠨ ᠠᠭᠤᠵᠢᠮ ᠰᠡᠳᠬᠢᠯ ᠲᠠᠢ᠂ ᠡᠬᠡ ᠪᠠᠶᠢᠭᠠᠯᠢ ᠨᠤᠳᠤᠭ ᠤᠰᠤᠨ ᠳᠤ ᠪᠡᠨ ᠬᠡᠮᠵᠢᠶᠡᠯᠡᠰᠢ ᠦᠭᠡᠢ ᠬᠠᠶᠢᠷᠠᠳᠠᠢ ᠮᠤᠩᠭ᠋ᠤᠯ ᠡᠷ᠎ᠡ ᠶᠤᠮ᠃ ᠲᠡᠶᠢᠮᠦ ᠴᠤ ᠪᠤᠯᠬᠤᠷ ᠲᠠᠯ᠎ᠠ ᠨᠤᠳᠤᠭ ᠤᠨ ᠬᠦᠷᠦᠰᠦ ᠰᠢᠷᠦᠢ᠂ ᠭᠤᠤᠯ ᠮᠦᠷᠡᠨ ᠂ ᠠᠭᠤᠯᠠ  ᠲᠠᠯ᠎ᠠ ᠪᠦᠬᠦᠨ ᠳᠤ ᠮᠤᠩᠭ᠋ᠤᠯ ᠦᠨᠳᠦᠰᠦᠲᠡᠨ ᠤ ᠭᠡᠷᠡᠯ ᠵᠢᠷᠤᠭᠴᠢᠨ ᠲᠡᠬᠦᠨ ᠤ ᠤᠯᠠ ᠮᠦᠷ ᠲᠦᠭᠡᠵᠡᠢ᠃ ᠮᠤᠩᠭ᠋ᠤᠯ ᠬᠦᠮᠦᠨ᠂ ᠮᠤᠩᠭ᠋ᠤᠯ ᠠᠳᠤᠭᠤ ᠂ ᠲᠠᠯ᠎ᠠ ᠨᠤᠳᠤᠭ ᠤᠨ ᠵᠡᠷᠯᠢᠭ᠌᠌ ᠠᠮᠢᠳᠠᠳ ᠬᠦᠷᠲᠡᠯ᠎ᠡ ᠲᠡᠬᠦᠨ ᠤ ᠠᠫᠫᠷᠠᠲ ᠢᠶᠡᠷ ᠲᠠᠮᠵᠢᠨ ᠲᠠᠯ᠎ᠠ ᠨᠤᠳᠤᠭ ᠡᠴᠡ ᠪᠡᠨ ᠭᠠᠷᠴᠤ ᠲᠡᠯᠡᠬᠡᠢ ᠶᠢᠨ ᠬᠠᠷᠠᠭᠠᠨ ᠳᠤ ᠲᠤᠳᠤᠷᠠᠭᠰᠠᠨ ᠶᠤᠮ᠃ ᠬᠡᠳᠤᠨ ᠠᠷᠪᠠᠨ ᠵᠢᠯ ᠤᠨ ᠲᠤᠷᠰᠢ᠂ ᠾᠧ ᠫᠢᠩ ᠤᠨ ᠠᠫᠫᠷᠠᠲ ᠲᠠᠯ᠎ᠠ ᠨᠤᠳᠤᠭ ᠡᠴᠡ ᠪᠡᠨ ᠰᠠᠯᠤᠭ᠎ᠠ ᠦᠭᠡᠢ᠂ ᠲᠡᠷᠡᠪᠡᠷ ᠲᠠᠯ᠎ᠠ ᠨᠤᠳᠤᠭ ᠢᠶᠡᠨ ᠂ ᠲᠠᠯ᠎ᠠ ᠨᠤᠳᠤᠭ ᠤᠨ ᠢᠶᠡᠨ ᠬᠦᠮᠦᠨ ᠠᠷᠠᠳ ᠢ ᠰᠢᠳᠦᠬᠡᠨ ᠪᠤᠯᠭᠠᠨ ᠲᠡᠭᠡᠳᠤᠯᠡᠭᠰᠡᠭᠡᠷ ᠢᠷᠡᠭᠰᠡᠨ ᠶᠤᠮ᠃

ᠠᠷᠭᠠᠯᠢ ᠶᠢᠨ ᠰᠦᠷᠦᠭ ᠬᠤᠷᠠᠭ᠎ᠠ ᠲᠠᠢ ᠪᠠᠨ

    2013 ᠤᠨ ᠤ 10 ᠰᠠᠷ᠎ᠠ ᠡᠴᠡ ᠡᠬᠢᠯᠡᠨ ᠾᠧ ᠫᠢᠩ ᠤᠰᠠᠳᠮᠠᠷ ᠪᠠᠶᠢᠭ᠎ᠠ ᠤᠯᠤᠰ ᠤᠨ ᠬᠤᠶᠠᠳᠤᠭᠠᠷ ᠲᠡᠰ ᠤᠨ ᠴᠢᠬᠤᠯᠠ ᠬᠠᠮᠠᠭᠠᠯᠠᠯᠳᠠ ᠲᠠᠢ ᠠᠮᠢᠳᠠᠨ ᠠᠷᠭᠠᠯᠢ ᠶᠢ ᠵᠢᠷᠤᠭᠯᠠᠪᠠ᠃

    ᠠᠷᠭᠠᠯᠢ ᠪᠤᠯ ᠲᠦᠪ ᠠᠽᠢᠶ᠎ᠠ ᠶᠢᠨ ᠠᠭᠤᠯᠠᠷᠬᠠᠭ ᠤᠷᠤᠨ ᠳᠤ ᠠᠮᠢᠳᠤᠷᠠᠳᠠᠭ ᠰᠠᠯᠠᠭ᠎ᠠ ᠲᠤᠭᠤᠷᠠᠶᠢᠳᠠᠨ᠂ ᠬᠠᠮᠤᠭ ᠤᠨ ᠲᠤᠮᠤ ᠵᠡᠷᠯᠢᠭ᠌ ᠬᠤᠨᠢᠨ ᠤ ᠲᠦᠷᠦᠯ ᠳᠤ ᠪᠠᠭᠳᠠᠨ᠎ᠠ᠂ ᠭᠤᠤᠯᠳᠠᠭᠤ ᠠᠽᠢᠶ᠎ᠠ ᠲᠢᠪ ᠤᠨ ᠲᠤᠮᠳᠠ ᠬᠡᠰᠡᠭ ᠢᠶᠡᠷ ᠲᠠᠷᠬᠠᠨᠯᠳᠠ ᠲᠠᠢ᠃ ᠲᠤᠮᠳᠠᠳᠤ ᠤᠯᠤᠰ ᠲᠤ ᠭᠤᠤᠯᠳᠠᠭᠤ ᠬᠦᠬᠡᠨᠠᠭᠤᠷ ᠲᠦᠪᠡᠳ ᠤᠨ ᠦᠨᠳᠤᠷᠯᠢᠭ᠌᠌᠂ ᠦᠪᠦᠷ ᠮᠤᠩᠭ᠋ᠤᠯ ᠤᠨ ᠦᠨᠳᠤᠷᠯᠢ᠌ᠭ᠌᠋᠋ ᠵᠢᠴᠢ ᠵᠡᠷᠭᠡᠯᠳᠡᠭᠡ ᠲᠠᠯ᠎ᠠ ᠨᠤᠳᠤᠭ ᠤᠨ ᠠᠭᠤᠯᠠᠷᠬᠠᠭ ᠤᠷᠤᠨ ᠳᠤ ᠴᠤ ᠪᠠᠶᠢᠳᠠᠭ᠃

    ᠭᠤᠷᠪᠠᠨ ᠵᠢᠯ ᠤᠨ ᠲᠤᠷᠰᠢᠳᠠ᠂ ᠾᠧ ᠫᠢᠩ ᠭᠠᠭᠴᠠᠭᠠᠷ ᠢᠶᠡᠨ ᠲᠦᠷᠪᠡ ᠤᠳᠠᠭ᠎ᠠ ᠦᠪᠦᠷ ᠮᠤᠩᠭ᠋ᠤᠯ ᠤᠨ ᠰᠦᠨᠢᠳ ᠵᠡᠬᠦᠨ ᠬᠤᠰᠢᠭᠤᠨ ᠤ ᠲᠠᠷᠬᠠᠨ᠋ᠠᠭᠤᠯᠠ ᠰᠤᠮᠤ᠂ ᠲᠠᠯᠠᠢ ᠰᠤᠮᠤ᠂ ᠴᠠᠭᠠᠨ᠋ᠠᠤᠪᠤᠭ᠎᠎ᠠ ᠰᠤᠮᠤ ᠤᠨ ᠠᠭᠤᠯᠵᠠᠷ ᠲᠤ ᠬᠦᠷᠴᠦ ᠲᠡᠯᠡᠬᠡᠢ ᠲᠡᠭᠡᠷ᠎ᠡ ᠤᠰᠠᠳᠮᠠᠷ ᠪᠠᠶᠢᠭ᠎ᠠ ᠵᠡᠷᠯᠢᠭ᠌᠌ ᠠᠮᠢᠳᠠᠨ ᠠᠷᠭᠠᠯᠢ ᠶᠢ ᠮᠦᠷᠲᠡᠨ ᠵᠢᠷᠤᠭᠯᠠᠬᠤ ᠶᠢᠨ ᠲᠦᠯᠦᠭᠡ᠂ ᠤᠮᠠᠷᠠᠳᠤ ᠶᠢᠨ ᠬᠠᠬᠢᠷ ᠬᠦᠢᠲᠡᠨ ᠴᠠᠭ ᠠᠭᠠᠷ ᠲᠤ᠂ ᠦᠯᠦᠰᠴᠤ ᠲᠠᠭᠠᠷᠠᠬᠤ ᠪᠡᠨ ᠤᠮᠠᠷᠳᠠᠨ ᠦᠯᠦᠰᠪᠡᠯ ᠬᠦᠯᠳᠡᠬᠦᠦ ᠪᠤᠷᠴᠠ ᠬᠡᠮᠡᠯᠵᠤ᠂ ᠴᠠᠩᠭ᠋ᠠᠪᠠᠯ ᠶᠠᠩᠬᠢᠨᠠᠮ᠎ᠠ ᠬᠦᠢᠲᠡᠨ ᠪᠤᠯᠠᠭ ᠤᠨ ᠤᠰᠤ ᠪᠡᠷ ᠤᠮᠳᠠ ᠲᠠᠷᠤᠵᠤ᠂ 504 ᠲᠡᠭᠰᠢ ᠲᠦᠷᠪᠡᠯᠵᠢᠨ ᠺᠢᠯᠤᠮᠧᠲ᠋ᠷ ᠪᠠᠶᠢᠭᠠᠯᠠᠢ ᠶᠢᠨ ᠬᠠᠮᠠᠭᠠᠯᠠᠯᠳᠠ ᠶᠢᠨ ᠤᠷᠤᠨ ᠳᠤ ᠤᠯᠠ ᠮᠦᠷ ᠢᠶᠡᠨ ᠦᠯᠡᠳᠡᠭᠡᠵᠡᠢ᠃ ᠬᠡᠲᠡᠯ᠎ᠡ ᠬᠠᠷᠠᠮᠰᠠᠯᠲᠠᠢ ᠨᠢ᠂ ᠤᠳᠤᠬᠠᠨ ᠳᠤ ᠲᠡᠬᠦᠨ ᠤ ᠵᠢᠷᠤᠭᠯᠠᠭᠰᠠᠨ ᠠᠷᠭᠠᠯᠢ 40 ᠭᠠᠷᠤᠶᠢᠬᠠᠨ ᠪᠠᠶᠢᠨ᠎ᠠ᠃

    ᠲᠤᠬᠠᠢ ᠶᠢᠨ ᠭᠠᠵᠠᠷ ᠤᠨ ᠬᠤᠯᠪᠤᠭᠳᠠᠯ ᠪᠦᠬᠦᠢ ᠰᠠᠯᠠᠭ᠎ᠠ ᠮᠦᠴᠢᠷ ᠡᠴᠡ ᠬᠠᠩᠭ᠋ᠠᠠ᠋ᠰᠠᠨ ᠮᠠᠲ᠋ᠧᠷᠢᠶᠠᠯ ᠢ ᠦᠨᠳᠤᠰᠦᠯᠡᠪᠡᠯ᠂ ᠠᠷᠭᠠᠯᠢ ᠭᠤᠤᠯᠳᠠᠭᠤ ᠦᠪᠦᠷ ᠮᠤᠩᠭ᠋ᠤᠯ ᠤᠨ ᠰᠢᠯᠢ ᠶᠢᠨ ᠭᠤᠤᠯ ᠠᠶᠢᠮᠠᠭ ᠤᠨ ᠰᠦᠨᠢᠳ ᠵᠡᠬᠦᠨ ᠬᠤᠰᠢᠭᠤ ᠪᠠ ᠰᠦᠨᠢᠳ ᠪᠠᠷᠠᠭᠤᠨ ᠬᠤᠰᠢᠭᠤᠨ ᠤ ᠬᠢᠯᠢ ᠪᠡᠷ ᠲᠠᠷᠬᠠᠵᠤ᠂ ᠨᠡᠶᠢᠲᠡ ᠲᠤᠭ᠎ᠠ ᠨᠢ 80 ᠭᠠᠷᠤᠶᠢᠬᠠᠨ ᠪᠠᠶᠢᠨ᠎ᠠ᠃ ᠤᠶᠢᠷ᠎ᠠ ᠶᠢᠨ ᠬᠡᠳᠤᠨ ᠵᠢᠯ ᠤᠨ ᠭᠠᠩ ᠬᠠᠭᠰᠠᠷᠠᠭᠠᠨ ᠡᠴᠡ ᠪᠤᠯᠵᠤ᠂ ᠠᠷᠭᠠᠯᠢ ᠠᠮᠢᠳᠤᠷᠠᠬᠤ ᠨᠦᠬᠦᠴᠡᠯ ᠢᠶᠡᠨ ᠠᠯᠳᠠᠭᠰᠠᠨ ᠡᠴᠡ ᠠᠷᠭᠠᠯᠢ ᠤᠭᠠᠯᠵᠠ ᠶᠢᠨ ᠰᠦᠷᠦᠭ᠌ ᠬᠠᠷᠠᠭᠳᠠᠬᠤ ᠪᠡᠨ ᠪᠤᠯᠢᠵᠠᠢ᠃

    ᠠᠷᠭᠠᠯᠢ ᠦᠪᠦᠷ ᠮᠤᠩᠭ᠋ᠤᠯ ᠳᠤ ᠦᠷᠬᠡᠨ ᠲᠠᠷᠬᠠᠯᠳᠠ ᠲᠠᠢ ᠪᠠᠶᠢᠭᠰᠠᠨ ᠶᠤᠮ᠃ ᠠᠯᠠᠱᠠ ᠠᠶᠢᠮᠠᠭ ᠤᠨ ᠡᠵᠡᠨ᠎ᠡ ᠬᠤᠰᠢᠭᠤᠨ ᠤ ᠮᠠ ᠽᠦᠩ ᠱᠠᠨ ᠠᠭᠤᠯᠠᠷᠬᠠᠭ ᠤᠷᠤᠨ ᠡᠴᠡ ᠰᠢᠯᠢ ᠶᠢᠨ ᠭᠤᠤᠯ ᠠᠶᠢᠮᠠᠭ ᠤᠨ ᠰᠦᠨᠢᠳ ᠤᠨ ᠲᠠᠯ᠎ᠠ ᠨᠤᠳᠤᠭ ᠲᠤ ᠬᠦᠷᠲᠡᠯ᠎ᠡ ᠠᠷᠭᠠᠯᠢ ᠶᠢᠨ ᠤᠯᠠ ᠮᠦᠷ ᠵᠦᠩᠳᠡᠬᠡᠨ ᠬᠠᠷᠠᠭᠳᠠᠳᠠᠭ ᠪᠠᠶᠢᠵᠠᠢ᠃

    ᠠᠷᠪᠠᠨ ᠬᠡᠳᠤᠨ ᠲᠦᠷᠦᠯ ᠤᠨ ᠠᠷᠭᠠᠯᠢ ᠨᠢ ᠦᠪᠦᠷ ᠮᠤᠩᠭ᠋ᠤᠯ ᠪᠠ ᠲᠦᠪᠡᠳ ᠲᠤ ᠲᠤᠰ ᠲᠤᠰ ᠨᠢᠬᠡ ᠲᠦᠷᠦᠯ ᠪᠠᠶᠢᠬᠤ ᠡᠴᠡ ᠭᠠᠳᠠᠨ᠎ᠠ ᠪᠤᠰᠤᠳ ᠨᠢ ᠪᠦᠷ ᠰᠢᠨᠵᠢᠶᠠᠩ ᠳᠤ ᠲᠠᠷᠬᠠᠵᠤ ᠪᠠᠶᠢᠳᠠᠭ᠃

    ᠪᠠᠶ᠎ᠠ ᠶᠢᠨ ᠬᠢᠨᠢ ᠲᠤᠮᠤ ᠵᠢᠵᠢᠭ᠌ ᠂ ᠦᠰᠦ ᠨᠤᠤᠰᠤᠨ ᠤ ᠬᠢᠨᠢ ᠦᠩᠬᠡ ᠬᠦᠨ ᠬᠦᠢᠬᠡᠨ᠂ ᠡᠪᠡᠷ ᠤᠨ ᠬᠢᠨᠢ ᠤᠷᠳᠤ ᠤᠬᠤᠷ ᠪᠦᠳᠦᠬᠦᠨ ᠨᠠᠷᠢᠨ ᠨᠢ ᠠᠳᠠᠯᠢ ᠪᠤᠰᠤ ᠪᠠᠶᠢᠳᠠᠭ᠃ ᠦᠪᠦᠷ ᠮᠤᠩᠭ᠋ᠤᠯ ᠳᠤ ᠲᠠᠷᠬᠠᠵᠤ ᠪᠠᠶᠢᠭ᠎ᠠ ᠲᠦᠷᠦᠯ ᠢ ᠨᠢ ᠮᠤᠩᠭ᠋ᠤᠯ ᠠᠷᠭᠠᠯᠢ ᠭᠡᠵᠤ ᠨᠡᠷᠡᠯᠡᠳᠡᠭ ᠪᠦᠬᠡᠳ ᠠᠭᠤᠯᠠ ᠶᠢᠨ ᠪᠡᠯ ᠬᠤᠷᠮᠤᠢ ᠪᠠ ᠲᠠᠯᠠᠷᠬᠠᠭ ᠤᠷᠤᠨ ᠳᠤ ᠠᠮᠢᠳᠤᠷᠠᠳᠠᠭ᠃

    ᠲᠡᠬᠦᠨ ᠤ ᠪᠡᠶ᠎ᠡ ᠶᠢᠨ ᠪᠠ ᠨᠢᠷᠤᠭᠤᠨ ᠬᠡᠰᠡᠭ ᠤᠨ ᠬᠢᠨᠢ ᠨᠤᠤᠰᠤ ᠬᠦᠷᠡᠪᠳᠤᠷ ᠦᠩᠬᠡ ᠲᠠᠢ᠂ ᠲᠤᠯᠤᠭᠠᠢ᠂ ᠬᠤᠭᠤᠯᠠᠢ᠂ ᠬᠤᠨᠳᠤᠯᠠᠢ᠂ ᠴᠡᠭᠡᠵᠢ ᠵᠢᠴᠢ ᠲᠦᠪᠡᠨ ᠮᠦᠴᠢ ᠶᠢᠨ ᠬᠢᠨᠢ ᠨᠤᠤᠰᠤ ᠰᠢᠷᠭᠠᠯ ᠦᠩᠬᠡ ᠲᠠᠢ᠂ ᠬᠡᠳᠡᠰᠤᠨ ᠤ ᠬᠡᠰᠡᠭ ᠨᠢ ᠴᠠᠭᠠᠨ ᠪᠠᠶᠢᠳᠠᠭ᠃ ᠲᠡᠳᠡ ᠡᠭᠴᠡ ᠴᠠᠪᠴᠢᠮ᠎ᠠ ᠬᠠᠳᠠᠷᠬᠠᠭ ᠭᠠᠵᠠᠷ ᠪᠠ ᠭᠤᠤ ᠬᠦᠨᠲᠡᠢ ᠭᠠᠵᠠᠷ ᠢᠶᠡᠷ ᠢᠳᠡᠰᠢᠯᠡᠬᠦ ᠳᠡᠬᠡᠨ ᠬᠦᠨᠦᠬᠡᠯ ᠰᠦᠷᠳᠡᠬᠦᠯᠦᠯ ᠡᠴᠡ ᠵᠠᠶᠢᠯᠵᠤ᠂ ᠪᠤᠷᠤᠭᠠᠨ ᠰᠢᠭᠤᠷᠭ᠎ᠠ ᠪᠠ ᠬᠤᠷᠴᠠ ᠨᠠᠷᠠᠨ ᠤ ᠬᠡᠷᠡᠯ ᠡᠴᠡ ᠰᠡᠷᠬᠡᠶᠢᠯᠡᠳᠡᠭ᠃ ᠦᠷᠬᠦᠭᠡᠵᠤ ᠲᠦᠢᠪᠡᠬᠡᠬᠦ ᠪᠠᠶᠢᠳᠠᠯ ᠭᠠᠷᠬᠤ ᠦᠭᠡᠢ ᠪᠤᠯ ᠠᠮᠢᠳᠤᠷᠠᠯ ᠤᠨ ᠤᠷᠴᠢᠨ ᠨᠢ ᠨᠡᠯᠢᠶᠡᠳ ᠲᠤᠭᠳᠠᠪᠦᠷᠢᠲᠠᠢ᠃

    ᠠᠷᠭᠠᠯᠢ4 -10 ᠪᠡᠷ ᠰᠦᠷᠦᠭᠯᠡᠳᠡᠭ ᠪᠦᠭᠡᠳ  ᠭᠤᠤᠯᠳᠠᠭᠤ ᠦᠦᠷ ᠢᠶᠡᠷ ᠬᠦᠳᠡᠯᠬᠡᠬᠡᠨ ᠬᠢᠳᠡᠭ᠂ ᠴᠠᠩᠭ᠋ᠠᠬᠤ ᠳᠤ ᠲᠠᠭᠠᠭᠠᠴᠠ ᠲᠠᠢ᠂ ᠡᠪᠤᠯ ᠴᠠᠰᠤ ᠪᠡᠷ ᠤᠮᠳᠠᠯᠠᠵᠤ᠂ ᠡᠳᠤᠷ ᠪᠡᠯᠴᠢᠭᠡᠷᠯᠡᠳᠡᠭ᠃

    ᠠᠷᠭᠠᠯᠢ ᠡᠪᠰᠤᠯᠢᠭ᠌᠌ ᠤᠷᠭᠤᠮᠠᠯ᠂ ᠲᠠᠭᠠᠨ᠎ᠠ ᠮᠠᠩᠬᠢᠷ ᠤᠨ ᠲᠦᠷᠦᠯ ᠢᠶᠡᠷ ᠢᠳᠡᠰᠢ ᠪᠤᠯᠭᠠᠳᠠᠭ᠃ ᠠᠷᠭᠠᠯᠢ ᠶᠢᠨ ᠬᠠᠷᠠᠭ᠎ᠠ᠂ ᠰᠤᠨᠤᠷ ᠪᠠ ᠦᠨᠦᠷᠯᠡᠬᠦ ᠰᠡᠷᠡᠯ ᠨᠢ ᠮᠠᠰᠢ ᠰᠡᠷᠭᠡᠭ᠌᠃ ᠡᠪᠤᠯ ᠳᠤ ᠪᠡᠨ ᠠᠷᠭᠠᠯᠢ ᠤᠭᠠᠯᠵᠠ ᠨᠡᠶᠢᠯᠡᠨ ᠰᠦᠷᠦᠭᠯᠡᠨ᠎ᠠ᠃ ᠤᠷᠤᠭ᠎ᠠ ᠶᠢᠨ ᠬᠤᠭᠤᠴᠠᠭᠠᠨ ᠳᠤ ᠤᠭᠠᠯᠵᠠ ᠬᠡᠳᠤ ᠬᠡᠳᠤᠨ ᠠᠷᠭᠠᠯᠢ ᠲᠠᠢ ᠡᠪᠴᠡᠯᠳᠤᠵᠤ᠂ ᠤᠷᠤᠭ᠎ᠠ ᠶᠢᠨ ᠬᠤᠭᠤᠴᠠᠭ᠎ᠠ ᠦᠩᠬᠡᠷᠮᠡᠭᠴᠡ ᠲᠤᠰᠠᠭᠠᠷᠯᠠᠨ ᠰᠦᠷᠦᠭᠯᠡᠳᠡᠭ᠂ ᠠᠷᠭᠠᠯᠢ ᠶᠢᠨ ᠬᠡᠬᠡᠯ ᠲᠠᠢ ᠬᠤᠭᠤᠴᠠᠭ᠎ᠠ 180 ᠡᠳᠤᠷ᠂ ᠲᠠᠷᠠᠭ᠎ᠠ ᠵᠢᠯ ᠤᠨ ᠬᠢᠨᠢ ᠵᠤᠨ ᠲᠦᠯᠯᠡᠨ᠎ᠡ᠂ ᠤᠳᠠᠭ᠎ᠠ ᠪᠦᠷᠢ 1ᠯᠡ ᠲᠦᠯ ᠭᠠᠷᠳᠠᠭ ᠪᠦᠭᠡᠳ 2 ᠨᠠᠰᠤᠯᠠᠪᠠᠯ ᠪᠡᠯᠬᠡ ᠨᠢ ᠪᠤᠯᠪᠠᠰᠤᠷᠠᠳᠠᠭ᠃

    ᠤᠶᠢᠷ᠎ᠠ ᠶᠢᠨ ᠬᠡᠳᠤᠨ ᠵᠢᠯ᠂ ᠲᠤᠬᠠᠢ ᠶᠢᠨ ᠭᠠᠵᠠᠷ ᠤᠨ ᠵᠠᠰᠠᠭ ᠤᠨ ᠤᠷᠳᠤᠨ ᠡᠴᠡ ᠵᠡᠷᠯᠢᠭ᠌᠌ ᠠᠮᠢᠳᠠᠨ ᠤ ᠡᠬᠢ ᠪᠠᠶᠠᠯᠢᠭ ᠢ ᠬᠠᠮᠠᠭᠠᠯᠠᠬᠤ ᠠᠵᠢᠯ ᠢ ᠲᠡᠯᠬᠡᠷ ᠦᠷᠨᠢᠬᠦᠯᠵᠤ ᠬᠤᠯᠠᠭᠠᠢ ᠪᠡᠷ ᠠᠪᠠᠯᠠᠬᠤ ᠠᠵᠢᠯᠯᠠᠭ᠎ᠠ ᠳᠤ ᠬᠦᠨᠳᠤ ᠴᠤᠬᠢᠯᠳᠠ ᠦᠭᠴᠦ᠂ ᠵᠠᠭᠤᠴᠢᠯᠠᠭᠤᠷ᠂ ᠨᠧᠲ ᠵᠡᠷᠭᠡ ᠤᠬᠠᠭᠤᠯᠭ᠎ᠠ ᠪᠡᠷ ᠲᠠᠮᠵᠢᠭᠤᠯᠤᠨ ᠠᠷᠠᠳ ᠢᠷᠭᠡᠳ ᠤᠨ ᠵᠡᠷᠯᠢᠭ᠌᠌ ᠠᠮᠢᠳᠠᠨ ᠤ ᠡᠬᠢ ᠪᠠᠶᠠᠯᠢᠭ ᠢ ᠬᠠᠮᠠᠭᠠᠯᠠᠬᠤ ᠲᠠᠨᠢᠯᠳᠠ ᠶᠢ ᠲᠠᠭᠡᠭ᠍ᠰᠢᠯᠡᠬᠦᠯᠵᠡᠢ᠃ ᠡᠬᠦᠨ ᠤ ᠬᠠᠮᠳᠤ ᠪᠠᠰᠠ ᠬᠠᠷᠢᠶ᠎ᠠ ᠭᠠᠵᠠᠷ ᠲᠤ ᠨᠢ ᠡᠪᠡᠰᠤ ᠪᠤᠷᠳᠤᠭ᠎ᠠ᠂ ᠬᠤᠵᠢᠷ ᠱᠤᠤ ᠲᠠᠯᠪᠢᠵᠤ ᠦᠭ᠍ᠬᠦᠨ᠂ ᠠᠷᠭᠠᠯᠢ ᠤᠭᠠᠯᠵᠠ ᠶᠢᠨ ᠦᠷᠡᠵᠢᠨ ᠤᠯᠠᠰᠢᠷᠠᠬᠤ ᠳᠤ ᠠᠰᠢᠭᠲᠠᠢ ᠨᠦᠬᠦᠴᠡᠯ ᠪᠦᠷᠢᠳᠤᠬᠦᠯᠤᠭ᠍ᠰᠡᠨ᠃ ᠪᠠᠶᠢᠭᠠᠯᠢ ᠶᠢᠨ ᠭᠤᠴᠤ ᠭᠠᠶᠢᠬᠠᠮᠰᠢᠭ ᠢ ᠬᠠᠶᠢᠨ ᠢᠯᠡᠷᠡᠬᠦᠯᠵᠤ᠂ ᠬᠠᠶᠢᠷᠠᠯᠠᠬᠤ ᠬᠠᠮᠠᠭᠠᠯᠠᠬᠤ ᠰᠡᠳᠬᠢᠯᠬᠡ ᠪᠡᠨ ᠲᠠᠶᠢᠴᠢᠯᠠᠨ᠂ ᠲᠤᠮᠳᠠᠳᠤ ᠤᠯᠤᠰ ᠤᠨ ᠵᠡᠷᠯᠢᠭ᠌᠌ ᠠᠮᠢᠳᠠᠳ ᠢ ᠠᠩᠬᠠᠷᠤᠨ ᠬᠠᠯᠠᠮᠵᠢᠯᠠᠬᠤ ᠡᠩᠨᠡᠬᠡᠨ ᠳᠤ ᠨᠢᠭᠡᠳᠬᠦ ᠶᠢ ᠤᠷᠢᠶᠠᠯᠠᠢ᠎ᠠ!(ᠵᠢᠷᠤᠭ ᠢ ᠾᠧ ᠫᠢᠩ)

ᠠᠷᠭᠠᠯᠢ ᠤᠭᠠᠯᠵᠠ ᠬᠤᠶᠠᠷ ᠡᠪᠡᠷ ᠢᠶᠡᠷ ᠢᠶᠡᠨ ᠲᠠᠨᠢᠭᠳᠠᠨ᠎ᠠ

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691118365856