蒙古文网站Logo
ᠰᠢᠨᠬᠤᠸᠠ ᠮᠤᠩᠭ᠋ᠤᠯ ᠨᠧᠲ

ᠲᠠᠶᠢᠸᠠᠨ ᠤ ᠵᠦᠭᠡᠶ ᠲᠡᠵᠢᠭᠡᠭ᠍ᠴᠢ ᠪᠠᠯ ᠴᠤᠭᠯᠠᠭᠤᠯᠤᠨ ᠶᠠᠭᠠᠷᠠᠨ᠎ᠠ

2016-04-12 16:04

(晚报)(1)台湾蜂农采蜜忙

ᠰᠢᠨᠬᠤᠸᠠ ᠬᠤᠷᠢᠶ᠎ᠠ  ᠲᠠᠶᠢᠸᠠᠨ ᠤ 2016 ᠤᠨ ᠤ 4 ᠰᠠᠷ᠎ᠠ ᠶᠢᠨ 12 ᠤ ᠡᠳᠤᠷ ᠤᠨ ᠴᠠᠬᠢᠯᠭᠠᠨ ᠮᠡᠳᠡᠭᠡ   4 ᠰᠠᠷ᠎ᠠ ᠶᠢᠨ 11 ᠤ ᠡᠳᠤᠷ᠂ ᠵᠢᠶᠠ ᠢ ᠰᠢᠶᠠᠨ ᠤ ᠳ᠋ᠠ ᠯᠢᠨ ᠪᠠᠯᠭᠠᠰᠤᠨ ᠤ ᠵᠦᠬᠡᠢ ᠲᠡᠵᠢᠭᠡᠭ᠍ᠴᠢ ᠡᠦ ᠵᠢᠩ ᠬᠤᠸᠠᠩ ᠡᠷ᠎ᠡ ᠡᠮ᠎ᠠ ᠬᠤᠶᠠᠭᠤᠯᠠ ᠪᠠᠨ ᠪᠠᠯ ᠴᠤᠭᠯᠠᠭᠤᠯᠵᠤ ᠪᠠᠶᠢᠨ᠎ᠠ᠃ ᠵᠢᠯ ᠪᠦᠷᠢ ᠶᠢᠨ 3 - 4 ᠰᠠᠷ᠎ᠠ ᠪᠤᠯ ᠲᠠᠶᠢᠸᠠᠨ ᠤ ᠪᠠᠯ ᠤᠨ ᠡᠯᠪᠡᠭ᠌ ᠭᠠᠷᠤᠯᠳᠠ ᠶᠢᠨ ᠬᠤᠭᠤᠴᠠᠭ᠎ᠠ ᠪᠤᠯᠬᠤᠷ ᠵᠦᠭᠡᠶ ᠲᠡᠵᠢᠭᠡᠭ᠍ᠴᠢ ᠶᠢᠨ ᠬᠠᠮᠤᠭ ᠤᠨ ᠶᠠᠭᠠᠷᠠᠯᠳᠠᠢ ᠴᠠᠭ ᠪᠤᠯᠤᠨ᠎ᠠ᠃ ᠦᠨᠦ ᠬᠠᠪᠤᠷ ᠲᠠᠶᠢᠸᠠᠨ ᠤᠷᠤᠨ ᠬᠦᠢᠲᠡᠨ ᠤᠷᠤᠰᠬᠠᠯ ᠤᠨ ᠨᠦᠯᠦᠬᠡ  ᠡᠴᠡ ᠪᠠᠷᠵᠢᠬᠢᠷ ᠯᠤᠤ ᠶᠢᠨ ᠨᠢᠳᠦ᠂ ᠯᠤᠤ ᠶᠢᠨ ᠨᠢᠳᠤ ᠵᠡᠷᠭᠡ ᠵᠢᠮᠢᠰ ᠤᠨ ᠮᠤᠳᠤ ᠨᠢ ᠬᠦᠯᠳᠡᠵᠤ᠂ ᠴᠡᠴᠡᠭᠯᠡᠬᠦ ᠴᠠᠭ ᠨᠢ ᠬᠤᠶᠢᠰᠢᠯᠠᠭᠰᠠᠨ ᠪᠦᠭᠡᠳ ᠴᠡᠴᠡᠭᠯᠡᠬᠦ ᠬᠡᠮᠵᠢᠶ᠎ᠡ ᠨᠢ ᠪᠠᠭᠠᠰᠤᠭᠰᠠᠨ ᠪᠠᠶᠢᠨ᠎ᠠ᠃ ᠡᠨᠡ ᠨᠢ ᠵᠦᠭᠡᠢ ᠶᠢᠨ ᠴᠡᠴᠡᠭ ᠤᠨ ᠪᠠᠯ ᠴᠤᠭᠯᠠᠭᠤᠯᠬᠤ ᠶᠢ ᠬᠠᠷᠰᠢᠯᠠᠵᠤ᠂ ᠪᠠᠯ ᠤᠨ ᠭᠠᠷᠤᠯᠳᠠ ᠶᠢ ᠰᠢᠭᠤᠳ ᠨᠦᠯᠦᠭᠡᠯᠡᠭᠰᠡᠨ ᠪᠠᠶᠢᠨ᠎ᠠ᠃ ᠤᠳᠤᠬᠠᠨ ᠳᠤ᠂ ᠲᠠᠶᠢᠸᠠᠨ ᠤ ᠵᠦᠭᠡᠶ ᠲᠡᠵᠢᠭᠡᠭ᠍ᠴᠢ ᠶᠠᠭ ᠪᠠᠷᠵᠢᠬᠢᠷ ᠯᠤᠤ ᠶᠢᠨ ᠨᠢᠳᠦ᠂ ᠯᠤᠤ ᠶᠢᠨ ᠨᠢᠳᠤ ᠵᠡᠷᠭᠡ ᠶᠢᠨ ᠴᠡᠴᠡᠭᠯᠡᠬᠦ ᠲᠤᠬᠢᠶᠠᠯ ᠢ ᠠᠮᠵᠢᠨ ᠵᠦᠬᠡᠢ ᠶᠢᠨ ᠪᠠᠯ ᠢᠶᠡᠨ ᠶᠠᠭᠠᠷᠠᠯᠲᠠᠢ ᠴᠤᠭᠯᠠᠭᠤᠯᠤᠨ᠂ ᠬᠤᠬᠢᠷᠠᠯ ᠢᠶᠡᠨ ᠶᠡᠬᠡ ᠬᠡᠮᠵᠢᠶ᠎ᠡ ᠪᠡᠷ ᠪᠠᠭᠠᠰᠬᠠᠬᠤ ᠪᠡᠷ ᠴᠢᠷᠮᠠᠶᠢᠵᠤ ᠪᠠᠶᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691118596681