蒙古文网站Logo
ᠰᠢᠨᠬᠤᠸᠠ ᠮᠤᠩᠭ᠋ᠤᠯ ᠨᠧᠲ

ᠠᠩᠭ᠍ᠯᠢ ᠶᠢᠨ ᠯᠠᠮᠪᠤᠭᠢᠨᠢ ᠲᠦᠷᠢᠶᠡᠰᠦᠨ ᠮᠠᠰᠢᠨ ᠤ ᠡᠬᠢᠯᠡᠯᠳᠡ ᠦᠨ᠎ᠡ ᠨᠢ ᠠᠷᠠᠳ ᠤᠨ ᠵᠤᠭᠤᠰ ᠢᠶᠡᠷ 3286 ᠲᠦᠬᠦᠷᠢᠭ᠌᠌

2016-05-09 11:20

    ᠬᠡᠷᠪᠡ ᠲᠠ ᠠᠩᠭ᠍ᠯᠢ ᠶᠢᠨ ᠸᠥᠸᠧᠾᠧᠫᠲ᠋ᠧᠨ ( Wolverhampton) ᠬᠤᠳᠠ ᠶᠢᠨ ᠵᠡᠭᠡᠯᠢ ᠳᠤ ᠨᠢᠬᠡᠨ ᠯᠠᠮᠪᠤᠭᠢᠨᠢ ( Lamborghini) ᠲᠦᠷᠢᠶᠡᠰᠦᠨ ᠮᠠᠰᠢᠨ ᠤᠯᠵᠤ ᠬᠠᠷᠠᠪᠠᠯ ᠪᠢᠲᠡᠬᠡᠢ ᠬᠡᠯᠡᠮᠡᠭᠳᠡ᠂ ᠲᠠᠨ ᠤ ᠤᠯᠵᠤ ᠬᠠᠷᠠᠭᠰᠠᠨ ᠵᠦᠢᠯ ᠦᠨᠡᠨ᠃ ᠲᠡᠷᠡ ᠪᠤᠯ ᠠᠩᠭ᠍ᠯᠢ ᠶᠢᠨ ᠠᠩᠬᠠᠨ ᠤ ᠨᠢᠬᠡᠨ ᠢᠵᠢ ᠪᠦᠷᠢᠨ ᠲᠦᠷᠢᠶᠡᠰᠦᠨ ᠮᠠᠰᠢᠨ ᠤ ᠦᠨᠡᠮᠯᠡᠬᠦ ᠲᠠᠢ ᠯᠠᠮᠪᠤᠭᠢᠨᠢHuracan ᠪᠤᠯᠤᠨ᠎ᠠ᠃

    ᠲᠤᠰ ᠲᠡᠷᠬᠡ ᠬᠦᠮᠦᠰ ᠤᠨ ᠰᠤᠨᠢᠷᠬᠠᠯ ᠢ ᠲᠠᠳᠠᠬᠤ ᠰᠤᠯᠤᠩᠭ᠋ᠠᠨ ᠤᠭᠤᠭᠠᠨ ᠦᠩᠬᠡ ᠲᠠᠢ᠂ 602 ᠮᠤᠷᠢᠨ ᠬᠦᠴᠦ ᠲᠠᠢ᠂ 5.0 ᠤᠨ ᠮᠤᠲ᠋ᠤᠷ ᠲᠠᠢ᠂ ᠬᠠᠮᠤᠭ ᠤᠨ ᠲᠦᠷᠬᠡᠨ ᠴᠠᠭ ᠤᠨ ᠬᠤᠷᠳᠤᠴᠠ ᠨᠢ 325 ᠺᠢᠯᠤᠮᠧᠲ᠋ᠷ ᠲᠤ ᠬᠦᠷᠳᠡᠭ᠃ 0-100 km/h ᠬᠤᠷᠳᠤᠴᠠ ᠨᠡᠮᠡᠬᠦ ᠳᠤ ᠵᠦᠪᠬᠡᠨ 3.2 ᠰᠧᠺᠦ᠋ᠨ᠋ᠲ ᠬᠡᠷᠡᠭᠰᠡᠨ᠎ᠡ᠃ ᠦᠨ᠎ᠡ ᠨᠢ 20 ᠲᠦᠮᠨ ᠭᠠᠷᠤᠢ ᠹᠦᠨᠲ ( ᠠᠷᠠᠳ ᠤᠨ ᠵᠤᠭᠤᠰ ᠢᠶᠡᠷ ᠪᠠᠷᠤᠭ188.4 ᠲᠦᠮᠡᠨ ᠲᠦᠬᠦᠷᠢᠭ᠌᠌ )᠃

    ᠲᠤᠰ ᠲᠡᠷᠬᠡ ᠶᠢ ᠤᠤᠯ ᠨᠢ ᠨᠢᠬᠡᠨ ᠬᠤᠷᠢᠮ ᠤᠨ ᠲᠦᠷᠢᠶᠡᠰᠦᠨ ᠮᠠᠰᠢᠨ ᠤ ᠺᠤᠮᠫᠠᠨᠢ ᠡᠵᠡᠩᠨᠡᠵᠤ ᠪᠠᠶᠢᠵᠠᠢ᠃ ᠤᠳᠤ ᠸᠥᠸᠧᠾᠧᠫᠲ᠋ᠧᠨ ᠬᠤᠳᠠ ᠶᠢᠨ ᠵᠠᠰᠠᠭ ᠤᠨ ᠭᠠᠵᠠᠷ ᠡᠴᠡ ᠬᠤᠪᠢ ᠶᠢᠨ ᠡᠵᠡᠩᠨᠡᠯᠳᠡ ᠶᠢᠨ ᠲᠦᠷᠢᠶᠡᠰᠦᠨ ᠮᠠᠰᠢᠨ ᠤ ᠦᠨᠡᠮᠯᠡᠯ ᠤᠯᠭᠤᠭᠰᠠᠨ ᠡᠴᠡ ᠠᠶᠠᠨᠴᠢᠳ ᠡᠩ ᠤᠨ ᠮᠠᠰᠢᠨ ᠳᠤ ᠰᠠᠭᠤᠵᠤ ᠪᠠᠶᠢᠭ᠎ᠠ ᠲᠠᠢ ᠠᠳᠠᠯᠢ ᠪᠡᠷ ᠲᠤᠰ ᠮᠠᠰᠢᠨ ᠳᠤ ᠰᠠᠭᠤᠵᠤ ᠪᠤᠯᠤᠨ᠎ᠠ᠃ 

 

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691118829753