蒙古文网站Logo
ᠰᠢᠨᠬᠤᠸᠠ ᠮᠤᠩᠭ᠋ᠤᠯ ᠨᠧᠲ

ᠬᠢᠮᠦᠷᠠᠯ ᠤᠨ ᠠᠶᠤᠯ ᠲᠠᠢ ᠵᠡᠭᠦᠨ ᠬᠤᠶᠢᠲᠤ ᠶᠢᠨ ᠨᠤᠭᠤᠤᠯ ᠪᠸᠯᠭᠢ ᠳᠤ ᠦᠵᠡᠭᠴᠢᠳ ᠲᠠᠢ ᠵᠤᠯᠭᠤᠯ᠎ᠠ

2016-08-08 13:01

    8 ᠰᠠᠷ᠎ᠠ ᠶᠢᠨ 6 ᠤ ᠡᠳᠦᠷ ᠪᠸᠯᠭᠢ ᠶᠢᠨ ᠪᠠᠷᠠᠭᠤᠨ ᠬᠤᠶᠢᠲᠤ ᠶᠢᠨ ᠬᠤᠲᠠ Ypres  ᠤ᠋ᠨ ᠠᠮᠢᠲᠠᠨ ᠤ ᠬᠦᠷᠢᠶᠡᠯᠡᠩ ᠳᠦ ᠠᠵᠢᠯᠲᠠᠨ ᠨᠢᠬᠡᠨ ᠵᠡᠭᠦᠨ ᠬᠤᠶᠢᠲᠤ ᠶᠢᠨ ᠢᠷᠪᠢᠰ ᠤᠨ ᠨᠤᠭᠤᠤᠯ  ᠢ ᠲᠡᠪᠡᠷᠢᠵᠤ ᠵᠤᠭᠰᠤᠨ᠎ᠠ᠃ ᠬᠤᠶᠠᠷ ᠰᠠᠷ᠎ᠠ ᠬᠠᠭᠠᠰ ᠤᠨ ᠡᠮᠦᠨ᠎ᠡ ᠡᠨᠳᠡ ᠮᠡᠨᠳᠦᠯᠡᠭᠰᠡᠨ ᠵᠡᠬᠦᠨ ᠬᠤᠶᠢᠲᠤ ᠶᠢᠨ ᠨᠤᠭᠤᠤᠯ ᠦᠵᠡᠭᠴᠢᠳ ᠲᠠᠢ ᠵᠤᠯᠭᠤᠯ᠎ᠠ᠃ ᠵᠡᠭᠦᠨ ᠬᠤᠶᠢᠲᠤ ᠶᠢᠨ ᠢᠷᠪᠢᠰ ᠢ ᠪᠠᠰᠨ ᠠᠯᠤᠰ ᠳᠤᠷᠤᠨᠠᠲᠤ ᠶᠢᠨ ᠢᠷᠪᠢᠰ ᠭᠡᠳᠡᠭ᠂ ᠪᠡᠶ᠎ᠡ ᠪᠢᠯᠳᠠᠷ ᠨᠢ ᠵᠡᠭᠦᠨ ᠬᠤᠶᠢᠲᠤ ᠶᠢᠨ ᠪᠠᠷᠰ ᠢ ᠳᠠᠷᠠᠭᠠᠯᠠᠳᠠᠭ ᠤᠮᠠᠷᠠᠲᠤ ᠶᠢᠨ ᠬᠦᠢᠲᠡᠨ ᠪᠦᠰᠡ ᠶᠢᠨ ᠤᠷᠤᠨ ᠤ ᠲᠤᠮᠤ ᠪᠠᠶᠡᠲᠤ ᠮᠤᠤᠷ ᠤᠨ ᠪᠠᠭ ᠤᠨ ᠠᠮᠢᠲᠠᠨ᠂ ᠤᠳᠤ ᠵᠦᠪᠬᠡᠨ ᠤᠷᠤᠰ ᠤᠨ ᠠᠯᠤᠰ ᠳᠤᠷᠤᠨᠠᠲᠤ ᠤᠷᠤᠨ᠂ ᠳᠤᠮᠳᠠᠳᠤ ᠶᠢᠨ ᠭᠢᠷᠢᠨ᠂ ᠬᠠᠷᠠᠮᠦᠷᠡᠨ ᠬᠤᠶᠠᠷ ᠮᠤᠵᠢ  ᠶᠢᠨ ᠬᠡᠰᠡᠭ ᠪᠦᠰᠡ ᠵᠢᠴᠢ ᠰᠤᠯᠤᠩᠭ᠋ᠤᠰ ᠤᠨ ᠤᠮᠠᠷᠠᠲᠤ ᠤᠷᠤᠨ ᠤ ᠭᠡᠰᠡᠭ ᠪᠦᠰᠡ ᠪᠠᠷ ᠲᠠᠷᠬᠠᠵᠤ ᠪᠤᠢ᠃ ᠵᠡᠭᠦᠨ ᠬᠤᠶᠢᠲᠤ ᠶᠢᠨ ᠢᠷᠪᠢᠰ ᠨᠢ ᠳᠡᠯᠡᠬᠡᠢ ᠶᠢᠨ ᠪᠠᠶᠢᠭᠠᠯᠢ ᠶᠢ ᠬᠠᠮᠠᠭᠠᠯᠠᠤ ᠬᠤᠯᠪᠤᠭ᠎ᠠ ᠶᠢᠨ ᠬᠢᠮᠤᠷᠠᠯ ᠤᠨ ᠠᠶᠤᠯ ᠲᠠᠢ ᠠᠮᠢᠲᠠᠨ ᠤ ᠤᠯᠠᠭᠠᠨ ᠦᠩᠭᠡ ᠶᠢᠨ ᠵᠢᠬᠰᠠᠭᠠᠯᠲᠠ ᠳᠦ ᠪᠠᠶᠢᠨ᠎ᠠ᠃ (ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠭᠦᠩ ᠪᠢᠩ ᠵᠢᠷᠤᠭᠯᠠᠪᠠ)(ᠳᠠᠳᠤᠯᠭ᠎ᠠ ᠶᠢᠨ ᠰᠤᠷᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠰᠢᠨᠬᠣᠧᠠ ᠬᠣᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119354482