蒙古文网站Logo
ᠰᠢᠨᠬᠤᠸᠠ ᠮᠤᠩᠭ᠋ᠤᠯ ᠨᠧᠲ

ᠪᠸᠯᠭᠢ ᠳᠦ ᠮᠡᠨᠳᠦᠯᠡᠭᠰᠡᠨ ᠪᠠᠮᠪᠤᠷᠰᠢ ᠦᠵᠡᠭᠴᠢᠳ ᠲᠠᠢ ᠵᠤᠯᠭᠤᠯ᠎ᠠ

2016-08-09 11:51

    8 ᠰᠠᠷ᠎ᠠ ᠶᠢᠨ 8 ᠤ ᠡᠳᠦᠷ ᠪᠸᠯᠭᠢ ᠶᠢᠨ ᠠᠮᠢᠲᠠᠨ ᠤ ᠬᠦᠷᠢᠶᠡᠯᠡᠩ ᠳᠦ ᠲᠤᠮᠤ ᠮᠠᠯᠤᠷ ᠦᠳᠡᠭᠡ ᠲᠡᠭᠦᠨ ᠤ ᠪᠠᠮᠪᠤᠷᠰᠢ  ᠪᠡᠨ ᠰᠢᠷᠲᠡᠨ ᠪᠠᠶᠢᠨ᠎ᠠ᠃ 8 ᠰᠠᠷ᠎ᠠ ᠶᠢᠨ 6 ᠤ ᠡᠳᠦᠷ ᠡᠴᠡ ᠡᠬᠢᠯᠡᠨ ᠲᠦᠷᠦᠭᠡᠳ ᠬᠤᠶᠠᠷ ᠰᠠᠷ᠎ᠠ ᠭᠠᠷᠤᠢ ᠪᠤᠯᠵᠤ ᠪᠠᠶᠢᠭ᠎ᠠ ᠪᠠᠮᠪᠤᠷᠰᠢ ᠪᠸᠯᠭᠢ ᠶᠢᠨ ᠠᠮᠢᠲᠠᠨ ᠤ ᠬᠦᠷᠢᠶᠡᠯᠡᠩ ᠳᠤ ᠦᠵᠡᠭᠴᠢᠳ ᠲᠠᠢ ᠵᠤᠯᠭᠤᠵᠤ ᠮᠢᠩᠭ᠋᠎ᠠ ᠲᠦᠮᠡᠨ ᠦᠵᠡᠭᠴᠢᠳ ᠤᠨ ᠪᠠᠬᠠᠷᠤᠯ ᠢ ᠲᠠᠲᠠᠯ᠎ᠠ᠃ 6 ᠰᠠᠷ᠎ᠠ ᠶᠢᠨ 1 ᠤ ᠡᠳᠦᠷ 6 ᠨᠠᠰᠤᠲᠠᠢ ᠳᠤᠮᠳᠠᠳᠤ ᠶᠢᠨ ᠲᠤᠮᠤ ᠮᠠᠯᠤᠷ ᠦᠳᠡᠭᠡ 《ᠬᠤᠤ ᠬᠤᠤ》ᠪᠸᠯᠭᠢ ᠳᠤ ᠨᠢᠭᠡᠨ ᠡᠷ᠎ᠡ ᠬᠦᠢᠰᠤ ᠲᠠᠢ ᠪᠠᠮᠪᠤᠷᠰᠢ ᠲᠦᠷᠦᠭᠦᠯᠤᠯ᠎ᠠ᠂ ᠡᠨᠡ ᠪᠤᠯ ᠪᠸᠯᠭᠢ ᠳᠦ ᠮᠡᠨᠳᠦᠯᠡᠭᠰᠡᠨ ᠠᠩᠬᠠᠨ ᠤ ᠮᠠᠯᠤᠷ ᠦᠳᠡᠭᠡ ᠪᠤᠯᠤᠨ᠎ᠠ᠃ ᠳᠤᠮᠳᠠᠳᠤ ᠶᠢᠨ 《ᠰᠢᠩ ᠸᠸᠢ》᠂《ᠬᠤᠤ ᠬᠤᠤ》ᠬᠤᠶᠠᠷ ᠲᠤᠮᠤ ᠮᠠᠯᠤᠷ ᠦᠳᠡᠭᠡ ᠨᠢ ᠳᠤᠮᠳᠠᠳᠤ ᠪᠸᠯᠭᠢ ᠬᠤᠶᠠᠷ ᠤᠯᠤᠰ ᠤᠨ ᠲᠦᠩᠰᠢᠯᠡᠯ ᠤᠨ ᠡᠯᠴᠢ ᠪᠤᠯᠵᠤ᠂ 2014 ᠤᠨ ᠤ 2 ᠰᠠᠷ᠎ᠠ ᠳᠤ ᠪᠸᠯᠭᠢ ᠶᠢᠨ ᠠᠮᠢᠲᠠᠨ ᠤ ᠬᠦᠷᠢᠶᠡᠯᠡᠩ ᠳᠤ ᠬᠦᠷᠴᠤ ᠠᠮᠢᠳᠤᠷᠠᠵᠠᠢ᠂ ᠲᠡᠳᠡ ᠡᠨᠳᠡ 15 ᠵᠢᠯ ᠠᠮᠢᠳᠤᠷᠠᠬᠤ ᠪᠤᠯᠤᠨ᠎ᠠ᠃ (ᠰᠢᠨᠬᠤᠸᠨ ᠬᠤᠷᠢᠶ᠎ᠠ ᠶᠢᠨ ᠰᠤᠷᠪᠤᠯᠵᠢᠯᠠᠭᠴᠢ ᠭᠦᠩ ᠪᠢᠩ ᠵᠢᠷᠤᠭᠯᠠᠪᠠ)(ᠳᠠᠳᠤᠯᠭ᠎ᠠ ᠶᠢᠨ ᠰᠤᠷᠤᠭᠴᠢ ᠬᠡᠤᠬᠡᠨᠰᠣᠯᠢ ᠣᠷᠴᠢᠭᠤᠯᠪᠠ)

 

ᠢᠷᠡᠯᠳᠡ᠄ ᠰᠢᠨᠬᠣᠧᠠ ᠬᠣᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119360783