蒙古文网站Logo
ᠰᠢᠨᠬᠤᠸᠠ ᠮᠤᠩᠭ᠋ᠤᠯ ᠨᠧᠲ

ᠰᠢᠨᠵᠢᠶᠠᠩ ᠤᠨ ᠺᠦᠷᠡᠯ᠎ᠡ ᠬᠤᠳᠠ ᠳᠤ ᠡᠪᠤᠯᠵᠢᠬᠦ ᠬᠤᠨ ᠭᠠᠯᠠᠭᠤ ᠨᠡᠮᠡᠭᠳᠡᠪᠡ

2016-10-16 16:36

    10 ᠰᠠᠷ᠎ᠠ ᠶᠢᠨ 16 ᠤ ᠡᠳᠤᠷ ᠂ ᠰᠢᠨᠵᠢᠶᠠᠩ ᠤᠨ ᠬᠦᠷᠡᠯ᠎ᠠ ᠬᠤᠳᠠ ᠳᠤ ᠡᠪᠤᠯᠵᠢᠬᠦ ᠪᠡᠷ ᠢᠷᠡᠭᠰᠡᠨ ᠬᠤᠨ ᠭᠠᠯᠠᠭᠤ ᠶᠢᠨ ᠲᠤᠭ᠎ᠠ ᠨᠡᠮᠡᠭᠳᠡᠨ 32 ᠪᠤᠯᠵᠤ᠂ ᠨᠢᠳᠤᠨᠤᠨ ᠤ ᠮᠦᠨ ᠬᠤᠭᠤᠴᠠᠭ᠎ᠠ ᠲᠠᠢ ᠬᠠᠷᠢᠴᠠᠭᠤᠯᠪᠠᠯ 11 ᠨᠡᠮᠡᠭᠳᠡᠪᠡ᠃ ᠰᠢᠨᠵᠢᠶᠠᠩ ᠤᠨ ᠬᠦᠷᠡᠯ᠎ᠠ ᠬᠤᠳᠠ ᠶᠢᠨ ᠴᠡᠴᠡᠷᠯᠢᠭᠵᠢᠬᠦᠯᠦᠯᠳᠡ ᠨᠤᠭᠤᠭᠠᠷᠠᠭᠤᠯᠤᠯᠳᠠ ᠶᠢᠨ ᠬᠠᠮᠢᠶᠠᠷᠤᠯᠳᠠ ᠶᠢᠨ ᠲᠤᠪᠴᠢᠶ᠎ᠠ ᠶᠢᠨ ᠪᠠᠶᠢᠴᠠᠭᠠᠬᠤ ᠶᠡᠬᠡ ᠠᠩᠬᠢ ᠶᠢᠨ ᠲᠢᠶᠠᠨ ᠡᠧ ᠲᠤᠮᠳᠠ ᠠᠩᠬᠢ ᠶᠢᠨ ᠬᠠᠷᠢᠭᠤᠴᠠᠯᠳᠠᠨ ᠤ ᠲᠠᠨᠢᠯᠴᠠᠭᠤᠯᠤᠭᠰᠠᠨ ᠢᠶᠡᠷ᠂ ᠦᠨᠦ ᠵᠢᠯ ᠬᠦᠷᠡᠯ᠎ᠡ ᠬᠤᠳᠠ ᠳᠤ ᠡᠪᠤᠯᠵᠢᠬᠦ ᠪᠡᠷ ᠢᠷᠡᠭᠰᠡᠨ ᠬᠤᠨ ᠭᠠᠯᠠᠭᠤ ᠨᠢᠳᠤᠨᠤᠨ ᠡᠴᠡ ᠤᠯᠠᠰᠢᠷᠠᠭᠰᠠᠨ ᠰᠢᠯᠳᠠᠭᠠᠨ ᠨᠢ ᠬᠤᠨ ᠭᠠᠯᠠᠭᠤ ᠶᠢᠨ ᠵᠤᠨ ᠤ ᠤᠯᠠᠷᠢᠯ ᠠᠮᠢᠳᠤᠷᠠᠬᠤ ᠭᠠᠵᠠᠷ ᠪᠠᠶᠠᠨᠪᠤᠯᠠᠭ ᠲᠠᠯ᠎ᠠ ᠨᠤᠳᠤᠭ ᠨᠢᠬᠡᠨᠳᠡ ᠴᠠᠰᠤ ᠤᠷᠤᠵᠤ ᠮᠦᠰᠦ ᠬᠦᠯᠳᠡᠬᠦ ᠴᠠᠭ ᠠᠭᠠᠷ ᠲᠤ ᠤᠷᠤᠵᠤ᠂ ᠬᠤᠨ ᠭᠠᠯᠠᠭᠤ ᠢᠳᠡᠰᠢ ᠡᠷᠢᠬᠦ ᠳᠤ ᠬᠡᠴᠡᠬᠦᠳᠡᠭᠰᠡᠨ ᠪᠠᠶᠢᠨ᠎ᠠ᠃ ᠬᠤᠨ ᠭᠠᠯᠠᠭᠤ ᠶᠢᠨ ᠡᠪᠤᠯᠵᠢᠬᠦ ᠶᠢ ᠪᠠᠳᠤᠯᠠᠬᠤ ᠶᠢᠨ ᠲᠤᠰᠠᠳᠠ 2006 ᠤᠨ ᠳᠤ ᠬᠦᠷᠡᠯ᠎ᠡ ᠬᠤᠳᠠ ᠬᠤᠨ ᠭᠠᠯᠠᠭᠤ ᠶᠢ ᠬᠠᠮᠠᠭᠠᠯᠠᠬᠤ ᠬᠤᠯᠪᠤᠭᠳᠠᠯ ᠪᠦᠬᠦᠢ ᠲᠦᠷᠦ ᠶᠢᠨ ᠪᠤᠳᠤᠯᠭ᠎ᠠ ᠠᠪᠴᠤ᠂ ᠲᠤᠰᠬᠠᠢ ᠬᠠᠮᠢᠶᠠᠷᠤᠯᠳᠠ ᠶᠢᠨ ᠲᠤᠮᠳᠠ ᠠᠩᠬᠢ ᠪᠠᠶᠢᠭᠤᠯᠵᠤ᠂ 24 ᠴᠠᠭ ᠤᠨ ᠲᠤᠷᠰᠢ ᠬᠤᠨ ᠭᠠᠯᠠᠭᠤ ᠶᠢ ᠰᠠᠬᠢᠨ ᠬᠠᠮᠠᠭᠠᠯᠠᠨ᠎ᠠ᠃ ᠡᠬᠦᠨ ᠡᠴᠡ ᠭᠠᠳᠠᠨ᠎ᠠ ᠡᠳ᠋ ᠤᠨ ᠵᠠᠰᠠᠭ ᠡᠴᠡ ᠵᠢᠯ ᠪᠦᠷᠢ ᠮᠦᠩᠬᠦ ᠭᠠᠷᠭᠠᠵᠤ ᠬᠤᠨ ᠭᠠᠯᠠᠭᠤ ᠶᠢᠨ ᠡᠪᠤᠯᠵᠢᠬᠦ ᠢᠳᠡᠰᠢ ᠶᠢ ᠬᠠᠩᠭ᠋ᠠᠵᠤ ᠪᠤᠢ᠃ (ᠵᠢᠷᠤᠭ ᠢ ᠰᠢᠨᠵᠢᠶᠠᠩ ᠤᠨ 《ᠪᠠᠶᠠᠨᠭᠤᠤᠯ ᠡᠳᠦᠷ ᠤᠨ ᠰᠤᠨᠢᠨ 》 ᠤ᠋ ᠰᠣᠷᠪᠤᠯᠵᠢᠯᠠᠭᠴᠢ ᠴᠦ᠋‍᠊᠍•ᠬᠤᠷᠠᠢ)

2016 ᠤᠨ ᠤ 10 ᠰᠠᠷ᠎ᠠ ᠶᠢᠨ 16 ᠤ ᠡᠳᠤᠷ ᠤᠨ ᠦᠳᠡ ᠶᠢᠨ ᠡᠮᠦᠨ᠎ᠡ᠂ ᠰᠠᠭᠤᠭᠠᠯᠢ ᠠᠷᠠᠳ ᠰᠢᠨᠵᠢᠶᠠᠩ ᠤᠨ ᠺᠦᠷᠡᠯ᠎ᠠ ᠬᠤᠳᠠ ᠶᠢᠨ ᠺᠦᠩ ᠴᠢᠤᠸᠠᠢ ᠭᠤᠤᠯ ᠤᠨ ᠬᠤᠨ ᠭᠠᠯᠠᠭᠤᠳ ᠢ ᠰᠤᠨᠢᠷᠬᠠᠵᠤ ᠪᠠᠶᠢᠨ᠎ᠠ᠃

2016 ᠤᠨ ᠤ 10 ᠰᠠᠷ᠎ᠠ ᠶᠢᠨ 16 ᠤ ᠡᠳᠤᠷ᠂ ᠬᠤᠨ ᠭᠠᠯᠠᠭᠤᠳ ᠰᠢᠨᠵᠢᠶᠠᠩ ᠤᠨ ᠺᠦᠷᠡᠯ᠎ᠡ ᠬᠤᠳᠠ ᠶᠢᠨ ᠺᠦᠩ ᠴᠢᠤᠸᠠᠢ ᠭᠤᠤᠯ ᠤᠨ ᠲᠡᠭᠡᠷ᠎ᠡ ᠲᠤᠭᠯᠠᠨ ᠡᠷᠬᠢᠯᠳᠤᠨ᠎ᠠ᠃

 

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119727074