蒙古文网站Logo
ᠰᠢᠨᠬᠤᠸᠠ ᠮᠤᠩᠭ᠋ᠤᠯ ᠨᠧᠲ

ᠰᠢᠨᠵᠢᠶᠠᠩ ᠤᠨ ᠶᠠᠨᠴᠢ ᠬᠤᠳᠤᠭᠤᠷ ᠤᠨ 30 ᠲᠦᠮᠡᠨ ᠮᠤ ᠲᠦᠪᠡᠳ ᠬᠠᠰᠢ ᠬᠤᠷᠢᠶᠠᠯᠳᠠ ᠶᠢᠨ ᠤᠯᠠᠷᠢᠯ ᠳᠤ ᠤᠷᠤᠪᠠ

2017-08-18 11:23

2017 ᠤᠨ ᠤ 8 ᠰᠠᠷ᠎ᠠ ᠶᠢᠨ 17 ᠤ ᠡᠳᠦᠷ᠂ ᠠᠵᠢᠯᠳᠠᠳ ᠬᠤᠷᠢᠶᠠᠭᠰᠠᠨ ᠲᠦᠪᠡᠳ ᠬᠠᠰᠢ ᠪᠠᠨ ᠲᠡᠯᠬᠡᠨ ᠬᠠᠳᠠᠭᠠᠵᠤ ᠪᠤᠢ

    ᠤᠳᠤᠬᠠᠨ ᠳᠤ᠂ ᠰᠢᠨᠵᠢᠶᠠᠩ ᠤᠨ ᠶᠠᠨᠴᠢ ᠬᠤᠳᠤᠭᠤᠷ ᠤᠨ 30 ᠲᠦᠮᠡᠨ ᠲᠦᠪᠡᠳ ᠬᠠᠰᠢ  ᠬᠤᠷᠢᠶᠠᠯᠳᠠ ᠶᠢᠨ ᠢᠳᠡ ᠤᠯᠠᠷᠢᠯ ᠳᠤ ᠤᠷᠤᠭᠰᠠᠨ ᠪᠠᠶᠢᠨ᠎ᠠ᠃ ᠬᠡᠳᠦᠨ ᠠᠷᠪᠠᠨ ᠵᠢᠯ ᠤᠨ ᠲᠤᠷᠰᠢᠬᠢ ᠬᠦᠭ᠍ᠵᠢᠯᠳᠡ ᠪᠡᠷ ᠲᠠᠮᠵᠢᠨ᠂ ᠰᠢᠨᠵᠢᠶᠠᠩ ᠤᠨ ᠤᠢᠯᠡᠳᠪᠦᠷᠢᠯᠡᠯ ᠪᠠᠶᠢᠭᠤᠯᠤᠯᠳᠠ ᠶᠢᠨ ᠪᠢᠩᠲ᠋ᠤᠸᠠᠨ ᠤ ᠬᠤᠶᠠᠳᠤᠭᠠᠷ ᠳ᠋ᠢᠸᠢᠽᠢ ᠲᠦᠪᠡᠳ ᠬᠠᠰᠢ ᠲᠠᠷᠢᠬᠤ ᠳᠤ ᠪᠠᠨ ᠬᠦᠯᠡᠮᠵᠢ᠎ ᠳᠤ ᠴᠢᠬᠢ ᠪᠤᠶᠢᠵᠢᠭᠤᠯᠬᠤ᠂ ᠵᠠᠶᠢᠯᠠᠬᠤ ᠪᠤᠯᠤᠨ ᠲᠤᠰᠤᠯᠭᠠᠨ ᠤᠰᠤᠯᠠᠬᠤ ᠮᠡᠷᠭᠡᠵᠢᠯ ᠢ ᠪᠦᠬᠦ ᠲᠠᠯ᠎ᠠ ᠪᠡᠷ ᠠᠰᠢᠭᠯᠠᠭᠰᠠᠨ ᠡᠴᠡ ᠲᠦᠪᠡᠳ ᠬᠠᠰᠢ ᠶᠢᠨ ᠤᠨᠠᠯᠳᠠ ᠵᠢᠯ ᠲᠠᠷᠠᠭᠠᠯᠠᠨ ᠨᠡᠮᠡᠭᠳᠡᠵᠤ᠂ ᠮᠤ ᠪᠦᠷᠢ ᠲᠤᠮᠳᠠᠴᠢ ᠪᠡᠷ 7 ᠲᠤᠨ ᠭᠠᠷᠴᠠ ᠲᠠᠢ᠂ ᠬᠠᠮᠤᠭ ᠤᠨ ᠠᠷᠪᠢᠨ ᠳᠤ ᠪᠡᠨ 9 ᠲᠤᠨ ᠳᠤ ᠬᠦᠷᠳᠡᠭ᠃

    ᠲᠦᠪᠡᠳ ᠬᠠᠰᠢ ᠨᠢ ᠲᠤᠬᠠᠢ ᠶᠢᠨ ᠭᠠᠵᠠᠷ ᠤᠨ ᠠᠵᠢᠯᠳᠠᠳ ᠤᠨ ᠤᠷᠤᠯᠭ᠎ᠠ ᠪᠡᠨ ᠨᠡᠮᠡᠭᠳᠡᠬᠦᠯᠬᠦ ᠪᠠ ᠪᠠᠶᠠᠵᠢᠨ ᠴᠢᠨᠡᠬᠡᠯᠢᠭ᠍ᠵᠢᠬᠦ  ᠴᠢᠬᠤᠯᠠ ᠡᠳ᠋ ᠤᠨ ᠵᠠᠰᠠᠭ ᠤᠨ ᠲᠠᠷᠢᠮᠠᠯ ᠪᠤᠯᠵᠠᠢ᠂ ᠡᠬᠦᠨ ᠤ ᠬᠠᠮᠳᠤ ᠰᠢᠯᠢᠳᠡᠭ ᠪᠦᠳᠦᠬᠡᠭ᠍ᠳᠡᠬᠦᠨ ᠢᠶᠡᠨ ᠵᠢᠯ ᠪᠦᠷᠢ ᠠᠮᠸᠷᠢᠺᠠ᠂ ᠢᠲ᠋ᠠᠯᠢ᠂ ᠪᠷᠠᠽᠢᠯ ᠵᠡᠷᠬᠡ ᠭᠠᠵᠠᠷ ᠲᠤ ᠡᠺᠡᠰᠫᠤᠷᠲ᠋ᠠᠯᠠᠵᠤ᠂ ᠲᠤᠬᠠᠢ ᠶᠢᠨ ᠭᠠᠵᠠᠷ ᠤᠨ ᠠᠵᠤ ᠦᠢᠯᠡᠰ ᠤᠨ ᠭᠦᠭ᠍ᠵᠢᠯᠳᠡ ᠶᠢ ᠠᠬᠢᠭᠤᠯᠤᠭᠰᠠᠨ ᠪᠠᠶᠢᠨ᠎ᠠ᠃

    ᠤᠶᠢᠯᠠᠭᠠᠭᠰᠠᠨ ᠢᠶᠡᠷ᠂ ᠦᠨᠦ ᠵᠢᠯ ᠶᠠᠨᠴᠢ ᠬᠤᠳᠤᠭᠤᠷ ( ᠪᠢᠩᠲ᠋ᠤᠸᠠᠨ  ᠪᠠᠭᠳᠠᠨ᠎ᠠ) ᠤᠨ ᠠᠵᠤ ᠦᠢᠯᠡᠳᠪᠦᠷᠢ ᠳ᠋ᠦ ᠬᠡᠷᠡᠭᠯᠡᠬᠦ ᠲᠦᠪᠡᠳ ᠬᠠᠰᠢ ᠲᠠᠷᠢᠬᠰᠠᠨ ᠲᠠᠯᠠᠪᠠᠢ 30 ᠲᠦᠮᠡᠨ ᠮᠤ ᠳᠤ ᠬᠦᠷᠴᠡᠢ᠃ ( ᠵᠢᠷᠤᠭ ᠢ ᠰᠢᠨᠵᠢᠶᠠᠩ ᠤᠨ ᠪᠠᠶᠠᠨᠭᠤᠤᠯ ᠡᠳᠦᠷ ᠤᠨ ᠰᠤᠨᠢᠨ ᠤ ᠰᠤᠷᠪᠤᠯᠵᠢᠯᠠᠭᠴᠢ ᠴᠦ᠋‍᠊ • ᠬᠤᠷᠠᠢ᠂ ᠲᠠᠳᠤᠯᠭ᠎ᠠ ᠶᠢᠨ ᠰᠤᠷᠤᠭᠴᠢ ᠲᠠᠨ᠎ᠠ ᠤᠷᠴᠢᠭᠤᠯᠪᠠ) 

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121504597