蒙古文网站Logo
ᠰᠢᠨᠬᠤᠸᠠ ᠮᠤᠩᠭ᠋ᠤᠯ ᠨᠧᠲ

ᠮᠢᠩᠭ᠋ᠠᠨ ᠢᠮᠠᠭᠠᠨ ᠤ ᠬᠡᠰᠢᠭ᠌ ᠲᠠᠯᠠᠯᠭ᠎ᠠ ᠶᠢᠨ ᠲᠡᠯᠬᠡᠷ ᠨᠠᠭᠠᠳᠤᠮ

2017-09-22 16:16

 

    ᠬᠠᠯᠢᠭᠤᠨ ᠨᠠᠮᠤᠷ ᠤᠨ ᠰᠠᠯᠬᠢᠨ ᠳᠤ ᠬᠢᠯᠭᠠᠨ᠎ᠠ ᠶᠢᠨ ᠲᠤᠯᠤᠭᠠᠢ ᠪᠦᠬᠦᠯᠵᠡᠨ ᠲᠠᠪᠠᠯᠭᠠᠯᠠᠬᠰᠠᠨ ᠲᠠᠩᠰᠤᠭ ᠤᠯᠠᠷᠢᠯ ᠳᠤ ᠰᠢᠯᠢ ᠶᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠭᠠᠬᠢᠯ ᠰᠤᠮᠤᠨ ᠤ ᠷᠠᠰᠢᠶᠠᠨᠪᠤᠯᠠᠭ ᠭᠠᠴᠠᠭᠠᠨ ᠤ ᠤ᠊ • ᠪᠠᠭᠠᠳᠤᠷ ᠤᠡᠭᠭᠤᠨ ᠤᠪᠤᠭᠠᠨ ᠤ ᠪᠠᠨ ᠬᠤᠶᠢᠳᠦ ᠲᠡᠨᠵᠢᠨ ᠲᠡᠭᠡᠷ᠎ᠡ ᠮᠢᠩᠭ᠋ᠠᠨ ᠢᠮᠠᠭᠠᠨ ᠤ ᠬᠡᠰᠢᠭ᠌ ᠲᠠᠯᠠᠯᠭ᠎ᠠ ᠶᠢᠨ ᠨᠠᠶᠢᠷ ᠢᠶᠠᠨ ᠨᠢᠵᠢᠬᠢᠷ ᠰᠠᠶᠢᠬᠠᠨ ᠡᠷᠬᠢᠯᠡᠨ ᠨᠤᠳᠤᠭ ᠤᠰᠤᠨ ᠤ ᠪᠠᠨ ᠲᠦᠮᠡᠨ ᠤᠯᠠᠨ ᠢᠶᠠᠨ ᠪᠠᠶᠠᠰᠬᠠᠯ᠎ᠠ᠃

    ᠨᠠᠮᠤᠷ ᠤᠨ ᠪᠤᠷᠤᠭᠠᠨ ᠠᠶᠠᠷᠬᠠᠨ ᠰᠢᠪᠡᠷᠡᠭᠰᠡᠨ ᠦᠷᠯᠦᠬᠡ ᠨᠠᠭᠠᠳᠤᠮᠴᠢᠨ ᠲᠦᠮᠡᠨ ᠬᠤᠷᠠᠨ ᠴᠤᠬᠯᠠᠷᠠᠬᠤ ᠳᠤ ᠨᠠᠶᠢᠷ ᠤᠨ ᠲᠠᠭᠠᠭᠠᠮᠠᠯ ᠠᠴᠠ ᠰᠦᠷᠦᠭ ᠤᠨ ᠲᠦᠷᠦᠬᠦᠦ ᠤᠬᠤᠨ᠎ᠠ᠂ ᠰᠡᠷᠬᠡ ᠪᠠᠨ ᠰᠡᠳᠡᠷᠯᠡᠵᠦ᠂ ᠮᠢᠯᠢᠶᠠᠯᠭ᠎ᠠ ᠶᠢᠨ ᠢᠷᠦᠬᠡᠯ ᠤᠡᠭᠰᠢᠯ᠎ᠠ᠃ ᠬᠤᠷᠠᠬᠰᠠᠨ ᠲᠦᠮᠡᠨ ᠢᠶᠠᠨ ᠪᠠᠶᠠᠷᠯᠠᠭᠤᠯᠬᠤ ᠠᠯᠳᠠᠷᠳᠦ ᠤᠶᠠᠭᠠᠴᠢᠳ ᠤᠨ ᠠᠯᠳᠠᠨ ᠲᠤᠭᠤᠷᠠᠶᠢᠳᠦ ᠬᠦᠯᠦᠭ 25 ᠭᠠᠵᠠᠷ ᠤᠨ ᠠᠯᠤᠰ ᠠᠴᠠ ᠬᠤᠷᠳᠦ ᠰᠢᠨᠳᠡᠰᠦ ᠰᠢᠯᠭᠠᠨ ᠬᠤᠷᠳᠤᠯᠠᠬᠰᠠᠨ ᠠᠴᠠ ᠰᠠᠮᠠᠢ ᠰᠤᠮᠤᠨ ᠤ ᠨᠡᠬᠡᠶᠢᠳᠦ ᠶᠢᠨ ᠬᠠᠯᠵᠠᠨ ᠬᠡᠬᠡᠷ ᠮᠤᠷᠢ ᠮᠠᠩᠯᠠᠢ ᠡᠷᠬᠦᠨ᠂ ᠰᠢᠯᠢᠡᠭᠬᠤᠳᠠ ᠶᠢᠨ ᠰᠦᠬᠡ ᠶᠢᠨ ᠪᠤᠭᠤᠷᠤᠯ ᠮᠤᠷᠢ ᠠᠮᠠᠨ ᠬᠦᠵᠦᠬᠦᠳᠡᠵᠡᠢ᠃ ᠢᠳᠡᠷ ᠵᠠᠯᠠᠭᠤ ᠬᠦᠴᠦᠳᠦ 64 ᠪᠦᠬᠡ ᠶᠢᠨ ᠪᠠᠷᠢᠯᠳᠤᠭᠠᠨ ᠢᠶᠠᠷ ᠦᠯᠵᠡᠶᠢᠪᠠᠭᠠᠳᠤᠷ ᠲᠡᠷᠢᠬᠦᠯᠡᠵᠦ᠂ ᠴᠢᠬᠢᠷᠠᠭ ᠲᠡᠳ᠋ᠯᠡᠵᠡᠢ᠃ ᠮᠠᠯ ᠤᠨ ᠬᠡᠰᠢᠭ᠌ ᠰᠢᠩᠭᠡᠭ᠍ᠰᠡᠨ ᠰᠠᠶ᠊ᠢᠩ ᠤᠨ ᠤᠷᠤᠯᠳᠤᠭᠠᠨ ᠳᠤ ᠡᠷᠳᠡᠨᠢᠪᠠᠶᠠᠷ ᠲᠡᠷᠢᠬᠦᠯᠡᠵᠡᠢ᠃

ᠢᠷᠡᠯᠳᠡ᠄ ᠳᠤᠮᠳᠠᠳᠤ ᠤᠯᠤᠰ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121709204