蒙古文网站Logo
ᠰᠢᠨᠬᠤᠸᠠ ᠮᠤᠩᠭ᠋ᠤᠯ ᠨᠧᠲ

ᠠᠯᠳᠠᠨ ᠮᠸᠳᠠᠯᠳᠤ ᠦᠬᠢᠨ ᠤ ᠳᠠᠰᠬᠠᠯᠵᠢᠭᠤᠯᠤᠭᠴᠢ ᠬᠠᠳᠠᠨᠪᠠᠭᠠᠳᠤᠷ

2015-10-29 17:48

    ᠬᠠᠳᠠᠨᠪᠠᠭᠠᠳᠤᠷ ᠲᠠᠢ ᠠᠩᠬ᠎ᠠ ᠨᠢᠭᠤᠷᠳᠠᠨ ᠵᠤᠯᠭᠠᠵᠤ ᠰᠤᠷᠪᠤᠯᠵᠢᠯᠠᠭ᠎ᠠ ᠠᠪᠴᠤ ᠪᠠᠢᠢᠭᠰᠠᠨ ᠮᠠᠨᠢ ᠬᠤᠶᠠᠷ ᠵᠢᠯ ᠤᠨ ᠡᠮᠦᠨᠡᠬᠢ ᠤᠴᠢᠷ ᠪᠠᠢᠢᠯ᠎ᠠ᠃ ᠰᠤᠯᠤᠩ᠌ᠭ᠎ᠠ ᠰᠡᠳᠬᠦᠯ ᠤᠨ 20 ᠵᠢᠯ ᠤᠨ ᠤᠢ ᠪᠠᠷ᠂ ᠰᠡᠳᠬᠦᠯ ᠤᠨ ᠨᠢᠭᠤᠷ ᠬᠠᠭᠤᠳᠠᠰᠤ ᠢᠢ ᠴᠢᠮᠡᠵᠤ ᠪᠠᠢᠢᠭᠰᠠᠨ ᠡᠨᠡ ᠬᠦᠮᠦᠨ ᠢ ᠡᠷᠬᠢᠨ ᠰᠤᠷᠪᠤᠯᠵᠢᠯᠠᠬᠤ ᠡᠬᠦᠷᠬᠡ ᠬᠦᠯᠢᠶᠡᠵᠤ᠂ ᠠᠵᠢᠯ ᠳᠡᠬᠡᠷ᠎ᠡ ᠨᠢ ᠤᠴᠢᠬᠤ ᠳᠤ ᠳᠡᠷᠡ ᠪᠤᠺᠰᠴᠢᠳ ᠢᠶᠠᠨ ᠳᠠᠰᠬᠠᠯᠵᠢᠭᠤᠯᠤᠭᠠᠳ ᠶᠠᠭᠠᠷᠠᠵᠤ ᠪᠠᠢᠢᠪᠠ᠃ ᠨᠢᠳᠤᠨᠤᠨ ᠡᠪᠦᠯ ᠰᠤᠷᠤᠯᠴᠠᠯᠭ᠎ᠠ ᠪᠠᠷ ᠭᠤᠸᠠᠩᠵᠸᠤ ᠬᠦᠷᠬᠦ ᠳᠤ᠂ ᠳᠡᠷᠡ ᠳᠡᠨᠳᠡ ᠪᠤᠺᠰᠴᠢᠳ ᠲᠠᠢ ᠪᠠᠨ ᠬᠠᠮᠳᠤ ᠳᠡᠯᠡᠬᠡᠢ ᠢᠢᠨ ᠳᠤᠮᠤ ᠲᠡᠮᠡᠴᠡᠭᠡᠨ ᠳᠤ ᠪᠡᠯᠡᠳᠬᠡᠨ ᠶᠠᠭᠠᠷᠠᠵᠤ ᠪᠠᠢᠢᠯ᠎ᠠ᠃ ᠡᠨᠡ ᠵᠢᠯ ᠪᠤᠯᠭᠠᠷᠢᠶ᠎ᠠ ᠳᠤ ᠪᠤᠯᠤᠭᠰᠠᠨ 66 ‍ᠳ᠋ᠤᠭᠠᠷ ᠡᠭᠡᠯᠵᠢ ᠶᠢᠨ ᠤᠯᠠᠨ ᠤᠯᠤᠰ ᠤᠨ ᠪᠤᠺᠰ ᠤᠨ ᠤᠷᠢᠯᠭ᠎ᠠ ᠢᠢᠨ ᠲᠡᠮᠡᠴᠡᠭᠡᠨ ᠢᠶᠡᠷ᠂ ᠳᠡᠬᠦᠨ ᠤ ᠱᠠᠪᠢ ᠯᠢ ᠴᠢᠶᠠᠨ ᠠᠯᠳᠠᠨ ᠮᠸᠳᠠᠯ ᠢᠶᠠᠷ ᠡᠩᠬᠡᠷ ᠢᠶᠠᠨ ᠮᠢᠯᠢᠶᠠᠯᠭᠠᠭᠰᠠᠨ ᠪᠠᠶᠠᠷᠳᠤ ᠴᠢᠮᠡᠬᠡ ᠢᠢ ᠰᠤᠨᠤᠰᠤᠭᠰᠠᠨ ᠤ ᠳᠠᠷᠠᠭ᠎ᠠ᠂ ᠰᠤᠷᠪᠤᠯᠵᠢᠯᠠᠭ᠎ᠠ ᠠᠪᠬᠤ ᠬᠡᠵᠤ ᠳᠡᠬᠦᠨ ᠲᠠᠢ ᠬᠡᠳᠦ ᠤᠳᠠᠭ᠎ᠠ ᠪᠤᠯᠵᠤᠭᠠᠳ ᠠᠭᠤᠯᠵᠠᠵᠤ ᠴᠢᠳᠠᠭ᠎ᠠ ᠦᠬᠡᠢ ᠡᠳᠦᠢ ᠳ᠋ᠤ ᠬᠦᠷᠦᠭᠰᠡᠨ ᠪᠢᠯᠡ᠃

ᠱᠠᠪᠢ ᠯᠢ ᠴᠢᠶᠠᠨ ᠲᠠᠢ ᠪᠠᠨ ᠬᠠᠮᠳᠤ ᠲᠡᠮᠡᠴᠡᠭᠡᠨ ᠤ ᠳᠠᠰᠢᠷᠠᠮ ᠳᠤ

    ᠪᠤᠺᠰᠴᠢᠨ ᠤ ᠤᠯᠠ ᠮᠦᠷ

    ᠳᠡᠤᠬᠡ ᠰᠤᠶᠤᠯ ᠤᠨ ᠪᠠᠶᠠᠨ ᠦᠪ ᠲᠠᠢ ᠤᠩᠨᠢᠭᠤᠳ ᠨᠤᠳᠤᠭ ᠤᠨ ᠬᠦᠪᠡᠬᠦᠨ ᠬᠠᠳᠠᠨᠪᠠᠭᠠᠳᠤᠷ 1991 ᠤᠨ ᠳᠤ ᠤᠯᠠᠭᠠᠨᠬᠠᠳᠠ ᠢᠢᠨ ᠪᠦᠬᠡ ᠢᠢᠨ ᠰᠤᠷᠭᠠᠭᠤᠯᠢ ᠡᠴᠡ ᠦᠪᠦᠷ ᠮᠤᠩᠭ᠋ᠤᠯ ᠤᠨ ᠪᠤᠺᠰ ᠤᠨ ᠪᠠᠭ ᠲᠤ ᠡᠯᠰᠡᠭᠳᠡᠵᠤ ᠢᠷᠡᠵᠡᠢ᠃ ᠤᠭ ᠨᠢ ᠴᠢᠯᠦᠬᠡᠳᠤ ᠪᠦᠬᠡ ᠢᠢᠨ ᠮᠡᠷᠬᠡᠵᠢᠯ ᠲᠠᠢ ᠪᠠᠶᠢᠭᠰᠠᠨ ᠳᠡᠷᠡ ᠪᠤᠺᠰ ᠤᠨ ᠪᠠᠭ ᠲᠤ ᠪᠠᠢᠢᠭᠰᠠᠨ ᠡᠬᠢᠨ ᠤ ᠵᠢᠷᠭᠤᠭᠠᠨ ᠵᠢᠯ ᠳᠤ ᠶᠠᠮᠠᠷ ᠴᠤ ᠠᠮᠵᠢᠯᠳᠠ ᠭᠠᠷᠭᠠᠵᠤ ᠴᠢᠳᠠᠭ᠎ᠠ ᠦᠬᠡᠢ ᠪᠠᠢᠢᠪᠠ᠃ 1997 ᠤᠨ ᠤ ᠦᠶ᠎ᠡ ᠳᠤ ᠳᠤᠮᠳᠠ ᠵᠡᠷᠬᠡ ᠢᠢᠨ ᠳᠤᠰᠬᠠᠢ ᠮᠡᠷᠬᠡᠵᠢᠯ ᠳᠡᠬᠦᠰᠦᠭᠰᠡᠨ ᠤᠶᠤᠳᠠᠳ ᠢ ᠤᠯᠤᠰ ᠡᠴᠡ ᠲᠤᠭᠳᠠᠭᠰᠠᠨ ᠠᠵᠢᠯ ᠲᠤᠬᠢᠷᠠᠭᠤᠯᠳᠠᠭ ᠪᠠᠶᠢᠭᠰᠠᠨ ᠶᠤᠮ᠃ ᠲᠡᠷᠡ ᠦᠶ᠎ᠡ ᠳᠤ ᠢᠷᠡᠬᠡᠳᠦᠢ ᠳᠤ ᠪᠠᠨ ᠢᠳᠡᠬᠡᠯ ᠠᠯᠳᠠᠷᠠᠵᠤ᠂ ᠪᠤᠺᠰ ᠤᠨ ᠳᠠᠪᠴᠠᠩ ᠡᠴᠡ ᠠᠶᠠᠷᠯᠠᠬᠤ ᠢᠢ ᠰᠠᠨᠠᠵᠤ ᠪᠠᠶᠢᠭᠰᠠᠨ ᠳᠡᠬᠦᠨ ᠳᠤ ᠨᠤᠳᠤᠭ ᠪᠤᠴᠠᠵᠤ ᠳᠠᠮᠢᠷ ᠤᠨ ᠰᠤᠷᠭᠠᠭᠤᠯᠢ ᠳᠤ ᠪᠠᠭᠰᠢᠯᠠᠬᠤ ᠪᠤᠯᠤᠮᠵᠢ ᠪᠦᠷᠢᠨ ᠪᠠᠶᠢᠪᠠ᠃ ᠳᠡᠷᠠ ᠶᠠᠭᠠᠬᠢᠬᠤ ᠪᠠᠨ ᠤᠯᠬᠤ ᠦᠬᠡᠢ ᠡᠷᠡᠬᠡᠯᠵᠡᠵᠤ ᠪᠠᠢᠢᠳᠠᠯ᠎ᠠ᠂ ᠳᠤᠬᠠᠢ ᠢᠢᠨ ᠦᠶ᠎ᠡ ᠳᠤ ᠮᠤᠩᠭ᠋ᠤᠯ ᠤᠯᠤᠰ ᠡᠴᠡ ᠤᠷᠢᠭᠳᠠᠨ ᠢᠷᠡᠵᠤ ᠦᠪᠦᠷ ᠮᠤᠩᠭ᠋ᠤᠯ ᠳᠤ ᠠᠵᠢᠯᠯᠠᠵᠤ ᠪᠠᠶᠢᠭᠰᠠᠨ ᠪᠤᠺᠰ ᠤᠨ ᠨᠡᠷᠡᠳᠤ ᠳᠠᠰᠬᠠᠯᠵᠢᠭᠤᠯᠤᠭᠴᠢ ᠪ‍᠊ • ᠪᠠᠳᠤᠪᠠᠶᠠᠷ ᠄

    ᠵᠠ ᠮᠢᠨᠤ ᠬᠦᠦ᠂ ᠪᠢ ᠴᠤ ᠦᠪᠡᠷ ᠢᠶᠠᠨ ᠳᠠᠮᠢᠷᠴᠢᠨ ᠪᠠᠶᠢᠭᠰᠠᠨ᠂ ᠤᠯᠤᠰ ᠤᠨ ᠰᠢᠭᠰᠢᠬᠡᠨ ᠤ ᠪᠠᠭᠰᠢ ᠪᠠᠶᠢᠭᠰᠠᠨ᠃ ᠮᠢᠨᠤ ᠪᠤᠳᠤᠬᠤ ᠪᠠᠷ ᠴᠢ ᠤᠳᠤ ᠶᠠᠭ ᠠᠮᠵᠢᠯᠳᠠ ᠳᠤ ᠬᠦᠷᠬᠦ ᠴᠠᠭ ᠲᠠᠭᠠᠨ ᠢᠷᠡᠬᠡᠳ ᠪᠠᠶᠢᠨ᠎ᠠ᠃ ᠮᠢᠨᠤ ᠦᠬᠡ ᠢᠢ ᠰᠤᠨᠤᠰ᠂ ᠲᠠᠨ ᠤ ᠤᠯᠤᠰ ᠤᠨ ᠢᠶᠠᠨ ᠨᠠᠢ᠍ᠮᠠᠳᠣᠭᠠᠷ ᠤᠳᠠᠭᠠᠨ ᠤ ᠳᠠᠮᠢᠷ ᠤᠨ ᠴᠢᠭᠤᠯᠭᠠᠨ ᠳᠤ ᠪᠡᠯᠡᠳᠬᠡᠬᠡᠳ ᠦᠷᠢᠰᠦᠯᠳᠦᠬᠡᠳ ᠦᠵᠡ᠃ ᠠᠮᠵᠢᠯᠳᠠ ᠭᠠᠷᠬᠤ ᠦᠬᠡᠢ ᠪᠤᠯ ᠴᠢ ᠨᠤᠲᠤᠭ ᠲᠤ ᠪᠠᠨ ᠶᠠᠪᠤᠵᠤ ᠪᠤᠯᠤᠨ᠎ᠠ ᠬᠡᠮᠡᠨ ᠳᠡᠬᠦᠨ ᠳᠤ ᠬᠠᠨᠳᠤᠵᠤ ᠬᠡᠯᠡᠭᠰᠡᠨ ᠬᠡᠳᠡᠭ᠃ ᠡᠨ᠋ᠨ ᠦᠬᠡ ᠬᠠᠳᠠᠨᠪᠠᠭᠠᠳᠤᠷ ᠲᠤ ᠠᠷᠭ᠎ᠠ ᠦᠬᠡᠢ ᠶᠡᠭᠡ ᠤᠷᠮ᠎ᠠ ᠬᠠᠶᠢᠷᠠᠯᠠᠵᠠᠢ᠃

    1997 ᠤᠨ ᠤ ᠪᠦᠬᠦ ᠤᠯᠤᠰ ᠤᠨ ᠪᠡᠶ᠎ᠡ ᠢᠢᠨ ᠳᠠᠮᠢᠷ ᠤᠨ ᠨᠠᠢ᠍ᠮᠠᠳᠤᠭᠠᠷ ᠴᠢᠭᠤᠯᠭᠠᠨ ᠢᠶᠠᠷ ᠳᠡᠷᠠ 71 ᠺᠢᠯᠤᠭ᠍ᠷᠠᠮ ᠤᠨ ᠵᠢᠩ ᠳᠤ ᠬᠦᠷᠡᠯ ᠮᠸᠳᠠᠯ ᠭᠠᠷᠳᠠᠵᠤ᠂ ᠦᠢᠯᠡᠰ ᠤᠨ ᠳᠡᠭᠷᠢ ᠨᠢ ᠬᠡᠶᠢᠯ᠎ᠡ᠃ ᠳᠡᠬᠦᠨ ᠡᠴᠡ ᠬᠤᠶᠢᠰᠢ᠂ ᠢᠯᠩ᠋ᠭᠤᠶ᠎ᠠ 1999 ᠤᠨ ᠡᠴᠡ ᠰᠡᠬᠦᠯ ᠳᠤ ᠤᠯᠤᠰ ᠤᠨ ᠳᠡᠰ ᠤᠨ ᠳᠡᠮᠡᠴᠡᠬᠡᠨ ᠪᠤᠯᠭᠠᠨ ᠳᠤ ᠠᠯᠳᠠ ᠪᠢᠰᠢ ᠪᠤᠯ ᠮᠦᠩᠬᠦ ᠠᠪᠳᠠᠭ ᠪᠤᠯᠵᠠᠢ᠃ 2001 ᠤᠨ ᠤ ᠪᠦᠬᠦ ᠤᠯᠤᠰ ᠤᠨ ᠪᠡᠶ᠎ᠡ ᠢᠢᠨ ᠳᠠᠮᠢᠷ ᠤᠨ ᠶᠢᠰᠦᠳᠦᠬᠡᠷ ᠴᠢᠭᠤᠯᠭᠠᠨ ᠤ ᠠᠯᠳᠠ ᠢᠢ ᠠᠪᠴᠤ᠂ 71 ᠺᠢᠯᠤ᠍ᠭ᠍ᠷᠠᠮ ᠤᠨ ᠤᠯᠤᠰ ᠤᠨ ᠠᠪᠤᠷᠭᠤ ᠪᠤᠯᠤᠭᠰᠠᠨ ᠪᠤᠯ᠂ 2002 ᠤᠨ ᠳᠤ ᠠᠽᠢᠶ᠎ᠠ ᠢᠢᠨ ᠠᠪᠤᠷᠭᠤ ᠪᠤᠯᠪᠠ᠃ ᠬᠡᠪᠡᠴᠤ ᠶᠠᠭ ᠳᠡᠷᠠ ᠵᠢᠯ ᠪᠤᠺᠰ ᠤᠨ ᠳᠡᠮᠡᠴᠡᠬᠡᠨ ᠤ ᠳᠤᠰ ᠬᠦᠨᠳᠤ ᠢᠢᠨ ᠵᠢᠩ ᠬᠠᠰᠤᠭᠳᠠᠵᠤ ᠳᠡᠷᠡᠪᠡᠷ 69 ᠺᠢᠯᠤᠭ᠍ᠷᠠᠮ ᠤᠨ ᠵᠢᠩ᠂ ᠡᠰᠡᠪᠡᠯ 75 ᠺᠢᠯᠤᠭ᠍ᠷᠠᠮ ᠤᠨ ᠵᠢᠩ ᠳᠤ ᠦᠷᠢᠰᠦᠯᠳᠦᠬᠦ ᠯᠡ ᠬᠡᠷᠡᠭᠳᠡᠢ ᠪᠤᠯᠪᠠ᠃ ᠳᠤᠬᠠᠢ ᠢᠢᠨ ᠦᠶ᠎ᠠ ᠳᠤ ᠨᠠᠰᠤ ᠴᠤ ᠭᠤᠴᠢ ᠢᠢᠨ ᠳᠠᠪᠠᠭ᠎ᠠ ᠢᠢ ᠲᠠᠪᠠᠵᠦ ᠪᠠᠶᠢᠭᠰᠠᠨ ᠪᠤᠯᠬᠤᠷ ᠪᠠᠭ ᠤᠨ ᠬᠡᠰᠢᠬᠦᠳ ᠨᠢ ᠳᠡᠬᠦᠨ ᠢ ᠬᠦᠭ᠍ᠰᠢᠷᠡᠴᠢᠬᠡᠬᠡᠳ ᠤᠳᠤ ᠪᠤᠯᠢ ᠬᠡᠵᠡᠬᠡᠭ᠍ᠰᠡᠨ ᠪᠠ ᠳᠠᠰᠬᠠᠯᠵᠢᠭᠤᠯᠤᠭᠴᠢ ᠨᠢ ᠴᠤ ᠬᠠᠳᠠ ᠴᠢ ᠦᠪᠡᠷ ᠤᠨ ᠬᠦᠷᠬᠦ ᠶᠤᠰᠤᠳᠠᠢ ᠠᠮᠵᠢᠯᠳᠠ ᠳᠤ ᠪᠠᠨ ᠨᠢᠬᠡᠨᠳᠡ ᠬᠦᠷᠦᠭᠰᠡᠨ᠃ ᠳᠡᠯᠡᠬᠡᠢ ᠢᠢᠨ ᠠᠪᠤᠷᠭᠤ ᠢᠢ ᠴᠢ ᠦᠷᠢᠰᠦᠯᠳᠦᠬᠦ ᠦᠬᠡᠢ ᠪᠠᠶᠢᠵᠤ ᠪᠤᠯᠤᠨ᠎ᠠ ᠬᠡᠬᠦ ᠮᠡᠲᠤ ᠪᠠᠷ ᠢᠳᠡᠬᠡᠯ ᠮᠠᠭᠤᠳᠠᠢ ᠶᠠᠷᠢᠵᠤ ᠪᠠᠶᠢᠭᠰᠠᠨ ᠴᠤ ᠬᠡᠳᠡᠭ᠃ ᠬᠡᠪᠡᠴᠤ ᠰᠠᠶᠢᠨ ᠮᠤᠷᠢ ᠳᠠᠰᠢᠭᠤᠷ ᠳᠠᠯᠪᠢᠭᠤᠯᠳᠠᠭ ᠦᠬᠡᠢ ᠢᠢᠨ ᠠᠳᠠᠯᠢ ᠬᠠᠳᠠᠨᠪᠠᠭᠠᠳᠤᠷ 75 ᠺᠢᠯᠤ᠍᠍ᠭ᠍ᠷᠠᠮ ᠤᠨ ᠵᠢᠩ ᠳᠤ ᠦᠪᠡᠷ ᠢ ᠪᠠᠨ ᠵᠤᠷᠢᠮᠠᠭ ᠰᠤᠶᠢᠵᠤ ᠡᠬᠢᠯᠡᠵᠡᠢ᠃ 2003 ᠤᠨ ᠳᠤ ᠠᠽᠢᠶ᠎ᠠ ᠢᠢᠨ ᠠᠪᠤᠷᠭᠤ ᠪᠠᠶᠢᠭᠰᠠᠨ ᠰᠢᠨᠵᠢᠶᠠᠩ ᠤᠨ ᠪᠤᠺᠰᠴᠢᠨ ᠠᠳᠠᠷᠮᠠᠬ᠎ᠠ ᠢᠢ ᠮᠡᠷᠬᠡᠵᠢᠯ ᠳᠤ ᠪᠠᠨ ᠳᠦᠰᠢᠨ 45/29 ᠬᠠᠷᠢᠴᠠᠯ ᠢᠶᠠᠷ ᠳᠠᠪᠠᠪᠠ᠃ ᠳᠤᠬᠠᠢ ᠢᠢᠨ ᠦᠶ᠎ᠠ ᠳᠤ ᠤᠯᠤᠰ ᠤᠨ ᠳᠤᠳᠤᠭᠠᠳᠤ ᠳᠤ ᠪᠤᠺᠰ ᠮᠡᠳᠡᠳᠡᠭ ᠬᠦᠮᠦᠨ ᠪᠤᠯᠭᠠᠨ ᠡᠨ᠋ᠨ ᠬᠤᠶᠠᠷ ᠵᠢᠩ ᠤᠨ ᠠᠪᠤᠷᠭᠤ ᠢᠢᠨ ᠳᠡᠮᠡᠴᠡᠬᠡᠨ ᠳᠤ ᠠᠩᠬᠠᠷᠤᠯ ᠳᠠᠯᠪᠢᠵᠤ ᠪᠠᠶᠢᠭᠰᠠᠨ᠃ ᠳᠡᠬᠡᠬᠦ ᠪᠠᠷ ᠢᠶᠡᠨ ᠡᠨ᠋ᠨ ᠤᠳᠠᠭᠠᠨ ᠤ ᠳᠡᠮᠡᠴᠡᠬᠡᠨ᠂ ᠳᠤᠮᠳᠠᠳᠤ ᠤᠯᠤᠰ ᠤᠨ ᠪᠤᠺᠰ ᠤᠨ ᠳᠡᠤᠬᠡᠨ ᠳᠤ ᠮᠠᠰᠢ ᠭᠠᠶᠢᠬᠠᠯᠳᠠᠢ ᠬᠠᠭᠤᠳᠠᠰᠤ ᠪᠤᠯᠵᠤ ᠦᠯᠡᠳᠡᠭᠰᠡᠨ ᠶᠤᠮ᠃ ᠬᠠᠷᠢᠨ ᠨᠦᠬᠦᠬᠡ ᠰᠢᠨᠵᠢᠶᠠᠩ ᠨᠤᠳᠤᠭᠳᠠᠢ ᠠᠪᠤᠷᠭᠤ ᠳᠠᠬᠢᠵᠤ 75 ᠺᠢᠯᠤᠭ᠍ᠷᠠᠮ ᠤᠨ ᠵᠢᠩ ᠳᠤ ᠦᠷᠢᠰᠦᠯᠳᠦᠬᠡ ᠦᠬᠡᠢ᠂ 81 ᠺᠢᠯᠤᠭ᠍ᠷᠠᠮ ᠤᠨ ᠵᠢᠩ ᠳᠤ ᠦᠷᠢᠰᠦᠯᠳᠦᠬᠦ ᠪᠤᠯᠤᠭᠰᠠᠨ ᠬᠡᠳᠡᠭ᠃ ᠬᠠᠳᠠᠨᠪᠠᠭᠠᠳᠤᠷ ᠢᠩᠬᠢᠵᠤ ᠯᠠ 2004 ᠤᠨ ᠤ ᠠᠲ᠋ᠸᠨ ᠤ ᠤᠯᠢᠮᠫᠢᠺ ᠤᠨ ᠳᠡᠮᠡᠴᠡᠬᠡᠨ ᠳᠤ ᠦᠷᠢᠰᠦᠯᠳᠦᠬᠦ ᠳᠤᠮᠳᠠᠳᠤ ᠢᠢᠨ ᠳᠠᠯ᠎ᠠ ᠢᠢᠨ ᠡᠷᠬᠡ ᠢᠢ ᠠᠪᠤᠭᠰᠠᠨ ᠪᠠᠶᠢᠨ᠎ᠠ᠃

    ᠠᠷᠪᠠᠭᠠᠳ ᠵᠢᠯ ᠤᠨ ᠳᠡᠮᠡᠴᠡᠬᠡᠨ ᠤ ᠤᠯᠠ ᠮᠦᠷ ᠢᠶᠠᠨ ‍ᠳ᠋ᠦ᠋ᠩᠨᠡᠬᠦ ‍ᠳ᠋ᠡᠭᠡᠨ ᠳᠡᠷᠠ ᠄

    ᠪᠢ ᠳᠡᠮᠡᠴᠡᠬᠡᠨ ᠳᠤ ᠳᠠᠪᠠᠬᠤ ᠶᠤᠰᠤᠳᠠᠢ ᠬᠦᠮᠦᠨ ᠢᠶᠠᠨ ᠳᠠᠪᠠᠭᠠᠳ ᠯᠠ ᠢᠷᠡᠭᠰᠡᠨ᠂ ᠬᠠᠷᠢᠨ ᠠᠯᠢ ᠨᠢᠬᠡ ᠳᠡᠮᠡᠴᠡᠬᠡᠨ ᠢᠶᠠᠷ ᠠᠯᠢ ᠨᠢᠬᠡ ᠠᠪᠤᠷᠭᠤ ᠢᠢ ᠳᠠᠪᠠᠴᠢᠬᠠᠬᠤ ᠪᠠᠶᠢᠭᠰᠠᠨ ᠬᠡᠰᠡᠨ ᠤᠨᠴᠠᠭᠠᠢ ᠬᠠᠷᠠᠮᠰᠠᠯ ᠦᠯᠡᠳᠡᠭᠡ ᠦᠬᠡᠢ᠃ ᠶᠡᠷᠦ ᠨᠢ ᠬᠦᠮᠦᠨ ᠪᠤᠯᠭᠠᠨ ᠳᠤ ᠬᠡᠨᠡᠳᠡᠳᠡᠭ ᠤᠳᠠᠭ᠎ᠠ ᠪᠤᠢ᠂ ᠨᠠᠳᠠᠳᠤ ᠬᠠᠷᠢᠨ ᠳᠡᠶᠢᠮᠤ ᠤᠳᠠᠭ᠎ᠠ ᠳᠤᠬᠢᠶᠠᠯᠳᠤᠭ᠎ᠠ ᠦᠬᠡᠢ ᠬᠡᠮᠡᠨ ᠳᠠᠶᠢᠪᠤᠭᠤᠨ ᠶᠠᠷᠢᠵᠤ ᠪᠠᠶᠢᠯ᠎ᠠ᠃

    ᠳᠠᠰᠬᠠᠯᠵᠢᠭᠤᠯᠤᠭᠴᠢ ᠢᠢᠨ ᠢᠷᠠᠭᠤ ᠠᠯᠳᠠᠷ

    ᠠᠲ᠋ᠸᠨ ᠤ ᠤᠯᠢᠮᠫᠢᠺ ᠤᠨ ᠳᠡᠮᠡᠴᠡᠬᠡᠨ ᠳᠤ ᠦᠷᠢᠰᠦᠯᠳᠦᠬᠦ ᠢᠢᠨ ᠢᠶᠠᠨ ᠡᠮᠦᠨ᠎ᠡ ᠵᠢᠯ ᠡᠴᠡ ᠬᠠᠳᠠᠨᠪᠠᠭᠠᠳᠤᠷ ᠦᠪᠦᠷ ᠮᠤᠩᠭ᠋ᠤᠯ ᠤᠨ ᠪᠦᠬᠡ ᠪᠤᠺᠰ ᠲᠠᠶᠢᠺᠦᠨᠳᠤ᠋ ᠬᠦᠨᠳᠤ ᠡᠷᠬᠦᠯᠳᠡ ᠢᠢᠨ ᠬᠠᠮᠢᠶᠠᠷᠤᠯᠳᠠ ᠢᠢᠨ ᠳᠦᠪ ᠤᠨ ᠡᠷᠡᠭᠳᠡᠢ ᠢᠢᠨ ᠪᠤᠺᠰ ᠤᠨ ᠪᠠᠭ ᠤᠨ ᠪᠠᠭᠰᠢ ᠪᠠᠷ ᠠᠵᠢᠯᠯᠠᠴᠢᠬᠠᠭᠰᠠᠨ ᠪᠠᠢᠢᠪᠠ᠃ 2006 ᠤᠨ ᠳᠤ ᠳᠡᠷᠡ ᠲᠡᠮᠡᠴᠡᠭᠡᠨ ᠤ ᠳᠠᠪᠴᠠᠩ ᠡᠴᠡ ᠪᠠᠨ ᠠᠶᠠᠷᠯᠠᠵᠤ᠂ ᠪᠤᠺᠰᠴᠢᠳ ᠤᠨ ᠳᠤᠰᠬᠠᠢ ᠳᠠᠰᠬᠠᠯᠵᠢᠭᠤᠯᠤᠭᠴᠢ ᠪᠤᠯᠵᠠᠢ᠃ ᠳᠤᠬᠠᠢ ᠢᠢᠨ ᠦᠶ᠎ᠡ ᠳᠤ᠂ ᠦᠪᠦᠷ ᠮᠤᠩᠭ᠋ᠤᠯ ᠤᠨ ᠬᠦᠨᠳᠦ ᠵᠢᠩ ᠤᠨ ᠬᠢᠨᠢ ᠭᠠᠨᠵᠤᠭ᠎ᠠ ᠳᠦᠬᠦᠷᠡᠩ ᠶᠠᠪᠤᠵᠤ᠂ ᠬᠠᠷᠢᠨ ᠬᠦᠩᠭᠡᠨ ᠳᠡᠰ ᠬᠢᠨᠢ ᠨᠢ ᠠᠮᠵᠢᠯᠳᠠ ᠳᠤ ᠬᠦᠷᠴᠤ ᠴᠢᠳᠠᠳᠠᠭ ᠦᠬᠡᠢ ᠪᠠᠶᠢᠪᠠ᠃ ᠬᠡᠪᠡᠴᠤ ᠳᠡᠬᠦᠨ ᠤ ᠭᠠᠷ ᠤᠨ ᠳᠠᠰᠬᠠᠯᠵᠢᠭᠤᠯᠤᠯᠳᠠ ᠪᠠᠷ ᠬᠦᠩᠭᠡᠨ ᠵᠢᠩ ᠤᠨ ᠴᠤᠭᠳᠡᠯᠬᠡᠷ᠂ ᠬᠤᠷᠴᠠᠪᠠᠭᠠᠳᠤᠷ ᠬᠡᠬᠦ ᠬᠤᠶᠠᠷ ᠵᠠᠯᠠᠭᠤ ᠮᠠᠰᠢ ᠰᠠᠶᠢᠨ ᠠᠮᠵᠢᠯᠳᠠ ᠳᠤ ᠬᠦᠷᠴᠤ ᠴᠢᠳᠠᠵᠠᠢ᠃

    2010 ᠤᠨ ᠤ 1 ᠰᠠᠷ᠎ᠠ ᠡᠴᠡ ᠬᠠᠳᠠᠨᠪᠠᠭᠠᠳᠤᠷ ᠢ ᠡᠮᠡᠭᠳᠡᠢ ᠢᠢᠨ ᠪᠠᠭ ᠤᠨ ᠳᠠᠰᠬᠠᠯᠵᠢᠭᠤᠯᠤᠭᠴᠢ ᠪᠠᠷ ᠰᠢᠯᠵᠢᠬᠦᠯᠪᠡ᠃ ᠳᠠᠮᠢᠷᠴᠢᠳ ᠤᠨ ᠢᠶᠠᠨ ᠳᠤᠮᠳᠠ ᠡᠴᠡ ᠰᠢᠯᠢᠳᠡᠭ ᠤᠨ ᠰᠢᠯᠢᠳᠡᠭ᠂ ᠬᠠᠮᠤᠭ ᠤᠨ ᠢᠷᠡᠬᠡᠳᠦᠢ ᠲᠠᠢ ᠬᠡᠰᠡᠨ ᠢ ᠬᠢᠷᠠᠬᠠᠢ ᠰᠢᠨᠵᠢᠵᠤ ᠢᠯᠡᠷᠡᠬᠦᠯᠬᠦ ᠨᠢ ᠳᠠᠰᠬᠠᠯᠵᠢᠭᠤᠯᠤᠭᠴᠢ ᠪᠤᠯᠤᠭᠰᠠᠨ ᠬᠦᠮᠦᠨ ᠤ ᠨᠢᠬᠡ ᠮᠡᠷᠬᠡᠵᠢᠯ ᠪᠤᠯᠬᠤ ᠶᠤᠮ᠃ ᠡᠨᠡ ᠮᠡᠷᠬᠡᠵᠢᠯ ᠬᠠᠳᠠᠨᠪᠠᠭᠠᠳᠤᠷ ᠲᠤ ᠪᠠᠢᠢᠭᠰᠠᠨ ᠪᠤᠯᠬᠤᠷ ᠡᠮᠡᠭᠳᠡᠢ ᠢᠢᠨ ᠪᠠᠭ ᠢᠢᠨ ᠨᠡᠯᠢᠶᠡᠳ ᠬᠡᠳᠦᠨ ᠳᠠᠮᠢᠷᠴᠢᠳ ᠤᠨ ᠳᠤᠮᠳᠠ ᠯᠢ ᠴᠢᠶᠠᠨ ᠬᠡᠳᠡᠭ ᠦᠬᠢᠨ ᠳᠡᠬᠦᠨ ᠤ ᠠᠩᠬᠠᠷᠤᠯ ᠳᠤ ᠤᠷᠤᠪᠠ᠃ ᠳᠤᠬᠠᠢ ᠢᠢᠨ ᠦᠶ᠎ᠡ ᠳᠤ ᠡᠨᠡ ᠦᠬᠢᠨ ᠬᠡᠳᠦᠢᠢᠪᠡᠷ ᠪᠡᠶ᠎ᠡ ᠪᠢᠯᠳᠠᠷ ᠢᠶᠠᠷ ᠪᠠᠷᠤᠭᠳᠠᠢ᠂ ᠪᠤᠯᠴᠢᠩ ᠦᠬᠡᠢ᠂ ᠬᠦᠴᠦ ᠴᠢᠳᠠᠯ ᠪᠠᠭ᠎ᠠ ᠪᠠᠢᠢᠭᠰᠠᠨ ᠪᠤᠯᠪᠠᠴᠤ ᠶᠠᠰᠤᠨ ᠤ ᠬᠢᠨᠢ ᠬᠡᠪ ᠨᠢ ᠬᠠᠷᠢᠨ ᠪᠤᠺᠰ ᠪᠤᠯᠪᠠᠰᠤᠷᠠᠬᠤ ᠳᠤ ᠳᠤᠬᠢᠷᠠᠬᠰᠠᠨ᠂ ᠢᠷᠡᠬᠡᠳᠦᠢ ᠳᠤ ᠠᠮᠵᠢᠯᠳᠠ ᠤᠯᠬᠤ ᠪᠤᠯᠤᠯᠴᠠᠭ᠎ᠠ ᠲᠠᠢ ᠪᠠᠢᠢᠭᠰᠠᠨ ᠢ ᠳᠡᠷᠡ ᠰᠡᠷᠭᠡᠭ᠌ ᠠᠵᠢᠵᠤ ᠮᠡᠳᠡᠪᠡ᠃ ᠳᠡᠬᠡᠬᠡᠳ ᠮᠡᠷᠬᠡᠵᠢᠯ ᠪᠤᠯᠤᠨ ᠬᠦᠴᠦ ᠳᠠᠮᠢᠷ ᠤᠨ ᠳᠠᠯ᠎ᠠ ᠪᠠᠷ ᠢᠯᠡᠬᠦᠦ ᠲᠠᠰᠬᠠᠯᠵᠢᠭᠤᠯᠵᠦ ᠡᠬᠢᠯᠡᠵᠡᠢ᠃ ᠨᠢᠭᠡ ᠵᠢᠯ ᠤᠨ ᠬᠢᠨᠢ ᠳᠠᠷᠠᠭ᠎ᠠ ᠳᠡᠬᠦᠨ ᠤ ᠡᠨᠡ ᠭᠠᠷ ᠤᠨ ᠱᠠᠪᠢ ᠪᠦᠬᠦ ᠤᠯᠤᠰ ᠤᠨ ᠤᠷᠤᠯᠳᠤᠭᠠᠨ ᠳᠤ ᠬᠤᠶᠠᠷ᠂ ᠭᠤᠷᠪᠠᠳᠤᠭᠠᠷ ᠳᠡᠰ ᠢᠶᠠᠷ ᠳᠤᠳᠤᠷᠠᠵᠤ ᠡᠬᠢᠯᠡᠭᠰᠡᠨ ᠢᠶᠠᠨ 2012 ᠤᠨ ᠠᠴᠠ ᠨᠠᠰᠢ ᠵᠢᠯ ᠪᠤᠯᠭᠠᠨ ᠤ ᠪᠦᠬᠦ ᠤᠯᠤᠰ ᠤᠨ ᠪᠤᠺᠰ ᠤᠨ ᠮᠠᠩᠯᠠᠢ ᠰᠢᠯᠭᠠᠷᠠᠭᠤᠯᠬᠤ ᠲᠡᠮᠡᠴᠡᠭᠡᠨ ᠤ 75 ᠺᠢᠯᠦᠭᠷᠠᠮ ᠤᠨ ᠵᠢᠩ ᠳᠤ ᠠᠯᠳᠠ᠂ 2012 ᠪᠠ 2013 ᠤᠨ ᠤ ᠤᠯᠠᠨ ᠤᠯᠤᠰ ᠤᠨ ᠪᠤᠺᠰ ᠤᠨ ᠤᠷᠢᠯᠭ᠎ᠠ ᠢᠢᠨ ᠲᠡᠮᠡᠴᠡᠭᠡᠨ ᠤ ᠠᠯᠳᠠ᠂ 2012 ᠪᠠ 2014 ᠤᠨ ᠤ ᠪᠦᠬᠦ ᠤᠯᠤᠰ ᠤᠨ ᠡᠮᠡᠭᠳᠡᠢ ᠪᠤᠺᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠠᠯᠳᠠ᠂ 2013 ᠪᠠ 2014 ᠤᠨ ᠤ ᠳᠤᠮᠳᠠᠳᠤ ᠢᠢᠨ ᠤᠯᠠᠨ ᠤᠯᠤᠰ ᠤᠨ ᠪᠤᠺᠰ ᠤᠨ ᠲᠡᠮᠡᠴᠡᠭᠡᠨ ᠤ ᠠᠯᠳᠠ᠂ ᠰᠠᠶ᠋ᠢᠬᠠᠨ ᠪᠤᠯᠭᠠᠷᠢᠶ᠎᠎ᠠ ᠳᠤ ᠪᠤᠯᠤᠭᠰᠠᠨ ᠤᠯᠠᠨ ᠤᠯᠤᠰ ᠤᠨ ᠪᠤᠺᠰ ᠤᠨ ᠤᠷᠢᠯᠭ᠎ᠠ ᠢᠢᠨ ᠲᠡᠮᠡᠴᠡᠭᠡᠨ ᠤ ᠠᠯᠳᠠ ᠴᠦᠮ ᠳᠡᠬᠦᠨ ᠤ ᠱᠠᠪᠢ ᠯᠢ ᠴᠢᠶᠠᠨ ᠳᠤ ᠰᠢᠬᠦᠷᠦᠭᠳᠡᠪᠡ᠃ ᠨᠢᠬᠡ ᠬᠦᠮᠦᠨ ᠢ ᠶᠠᠭᠠᠬᠢᠵᠤ ᠡᠢᠢᠮᠤ ᠶᠡᠬᠡ ᠠᠮᠵᠢᠯᠳᠠ ᠳᠤ ᠬᠦᠷᠬᠡᠵᠤ ᠴᠢᠳᠠᠭᠰᠠᠨ ᠳᠤᠬᠠᠢ ᠠᠰᠠᠭᠤᠭᠰᠠᠨ ᠳᠤ ᠳᠡᠷᠡ ᠄

    ᠨᠢᠬᠡ ᠰᠠᠢᠢᠨ ᠳᠠᠮᠢᠷᠴᠢᠨ ᠢ ᠬᠦᠮᠦᠵᠢᠬᠦᠯᠵᠤ ᠠᠮᠵᠢᠯᠳᠠ ᠭᠠᠷᠭᠠᠬᠤ ᠳᠤ ᠵᠦᠪᠬᠡᠨ ᠵᠦᠪ ᠮᠡᠷᠬᠡᠵᠢᠯ ᠰᠤᠷᠭᠠᠭᠠᠭᠠᠳ ᠯᠠ ᠪᠤᠯᠴᠢᠬᠠᠬᠤ ᠪᠢᠰᠢ ᠪᠠᠰᠠ ᠤᠬᠠᠭᠠᠨ ᠬᠡᠷᠡᠭᠲᠠᠢ᠃ ᠯᠢ ᠴᠢᠶᠠᠨ ᠪᠤᠯ ᠰᠠᠨᠠᠭ᠎ᠠ ᠰᠠᠢᠢᠳᠠᠢ᠂ ᠪᠡᠯᠡᠳᠬᠡᠯ ᠤᠨ ᠳᠠᠯ᠎ᠠ ᠪᠠᠷ ᠵᠢᠭᠠᠬᠠᠨ ᠴᠤ ᠬᠤᠢᠢᠷᠭᠤᠰᠢᠬᠤ ᠦᠬᠡᠢ᠂ ᠶᠠᠭᠤᠮ᠎ᠠ ᠰᠤᠷᠬᠤ ᠢᠢ ᠬᠢᠴᠢᠶᠡᠳᠡᠭ ᠬᠦᠮᠦᠨ᠃ ᠡᠢᠢᠮᠦ ᠡᠴᠡ ᠳᠡᠬᠦᠨ ᠤ ᠠᠴᠢᠶᠠᠯᠠᠯ ᠢ ᠬᠡᠳᠦᠷᠡᠬᠦᠯᠬᠦ ᠡᠴᠡ ᠬᠢᠴᠢᠶᠡᠬᠦ ᠬᠡᠷᠡᠭᠳᠡᠢ᠃ ᠬᠡᠷᠪᠡ ᠠᠴᠢᠶᠠᠯᠠᠯ ᠨᠢ ᠬᠡᠳᠦᠷᠬᠦ ᠳᠤ ᠬᠦᠷᠪᠡᠯ ᠶᠡᠬᠡ ᠶᠠᠳᠠᠷᠠᠵᠤ ᠠᠮᠠᠷᠬᠠᠨ ᠰᠢᠷᠬᠠᠳᠤᠨ᠎ᠡ᠂ ᠡᠬᠦᠨ ᠡᠴᠡ ᠪᠤᠯᠵᠤ ᠳᠤᠷᠠᠰᠢᠯ ᠨᠢ ᠠᠯᠳᠠᠷᠠᠵᠤ ᠮᠡᠳᠡᠬᠦ ᠶᠤᠮ ᠬᠡᠯ᠎ᠡ᠃ ᠳᠠᠮᠢᠷᠴᠢᠨ ᠤ ᠪᠠᠨ ᠤᠨᠴᠠᠯᠢᠭ ᠲᠤ ᠳᠤᠬᠢᠷᠠᠭᠤᠯᠤᠨ ᠤᠬᠠᠭᠠᠯᠢᠭ ᠪᠡᠯᠡᠳᠬᠡᠬᠦ ᠨᠢ ᠳᠠᠰᠬᠠᠯᠵᠢᠭᠤᠯᠤᠭᠴᠢ ᠪᠤᠯᠤᠭᠰᠠᠨ ᠬᠦᠮᠦᠨ ᠤ ᠪᠠᠰᠠ ᠨᠢᠬᠡ ᠮᠡᠷᠬᠡᠵᠢᠯ᠃

    ᠯᠢ ᠴᠢᠶᠠᠨ ᠡᠴᠡ ᠭᠠᠳᠠᠨ᠎ᠠ ᠳᠡᠬᠦᠨ ᠤ ᠱᠠᠪᠢ ᠶᠠᠩ ᠰᠢᠶᠤᠤ ᠯᠢ᠂ ‍ᠳ᠋ᠸᠤ ‍ᠳ᠋ᠠᠨ ᠬᠤᠶᠠᠭᠤᠯᠠ ᠴᠤ ᠠᠳᠠᠯᠢ ᠪᠤᠰᠤ ᠬᠦᠨᠳᠦ ᠢᠢᠨ ᠳᠡᠰ ᠤᠨ ᠠᠯᠳᠠᠨ ᠮᠸᠳᠠᠯ ᠤᠨ ᠡᠵᠡᠨ ᠢᠶᠠᠷ ᠪᠠᠷᠠᠬᠤ ᠦᠬᠡᠢ ᠸᠠᠩ ‍ᠳ᠋ᠦᠢᠩ ᠮᠸᠢ᠂ ᠯᠢᠦ ᠺᠸ ᠵᠢᠶᠠ᠂ ᠵᠤᠤ ᠯᠢ ᠮᠸᠢ᠂ ᠮᠠ ᠵᠢᠶᠠᠨ ᠰᠢᠶᠠ ᠨᠠᠷ ᠴᠤ ᠬᠦᠷᠡᠯ᠂ ᠮᠦᠩᠬᠦ ᠪᠠᠷ ᠡᠩᠬᠡᠷ ᠢᠶᠠᠨ ᠮᠢᠯᠢᠶᠠᠯᠭᠠᠵᠠᠢ᠃

    ᠪᠤᠺᠰ ᠤᠨ ᠢᠷᠡᠬᠡᠳᠦᠢ ᠳᠤ ᠰᠠᠨᠠᠭᠠᠰᠢᠷᠠᠭᠰᠠᠨ ᠪᠤᠳᠤᠯ

    ᠨᠢᠬᠡᠨ ᠳᠠᠮᠢᠷᠴᠢᠨ ᠤ ᠬᠤᠪᠢ ᠳᠤ᠂ ᠳᠡᠬᠦᠨ ᠤ ᠲᠡᠮᠡᠴᠡᠭᠡᠨ ᠤ ᠳᠠᠪᠴᠠᠩ ᠳᠤ ᠤᠳᠤ ᠪᠤᠯᠵᠤ ᠬᠢᠯᠠᠯᠵᠠᠬᠤ ᠴᠠᠭ ᠬᠤᠭᠤᠴᠠᠭ᠎ᠠ ᠨᠢ ᠮᠠᠰᠢ ᠤᠬᠤᠷ ᠪᠠᠢᠢᠳᠠᠭ᠂ ᠢᠯᠠᠩᠭ᠋ᠤᠶ᠎ᠠ ᠦᠬᠢᠨ ᠬᠦᠮᠦᠨ ᠤ ᠬᠤᠪᠢ ᠳᠤ ᠨᠡᠩ ᠢᠯᠡᠬᠦᠦ ᠤᠬᠤᠷ ᠪᠠᠢᠢᠵᠤ ᠮᠡᠳᠡᠨ᠎ᠡ᠃ ᠢᠩᠬᠢᠬᠦ ᠪᠠᠷ ᠢᠶᠡᠨ ᠳᠡᠳᠡ ᠨᠠᠷ ᠤᠨ ᠵᠠᠯᠭᠠᠮᠵᠢᠯᠠᠭᠴᠢ ᠢᠢ ᠬᠡᠳᠦ ᠶᠡᠬᠡ ᠬᠤᠭᠤᠴᠠᠭ᠎ᠠ ᠠᠯᠤᠰᠯᠠᠭᠤᠯᠤᠯ ᠦᠬᠡᠢ ᠡᠯᠰᠡᠨ ᠳᠠᠰᠬᠠᠯᠵᠢᠭᠤᠯᠵᠤ ᠪᠠᠢᠢᠬᠤ ᠬᠡᠷᠡᠭᠳᠡᠢ᠃ ᠬᠡᠪᠡᠴᠤ ᠤᠳᠤᠬᠠᠨ ᠤ ᠵᠠᠯᠠᠭᠤ ᠪᠠᠭᠠᠴᠤᠳ ᠤᠨ ᠪᠡᠶ᠎ᠡ ᠮᠠᠬᠠᠪᠤᠳ ᠤᠨ ᠤᠤᠷ ᠴᠢᠨᠠᠷ᠂ ᠦᠩᠬᠡᠷᠡᠭᠰᠡᠨ ᠲᠠᠢ ᠬᠠᠷᠢᠴᠠᠭᠤᠯᠪᠠᠯ ᠢᠯᠡᠷᠬᠡᠢ ᠮᠠᠭᠤᠳᠠᠭᠰᠠᠨ ᠪᠠᠢᠢᠳᠠᠭ᠃ ᠡᠨᠡ ᠨᠢ ᠮᠠᠨ ᠤ ᠤᠷᠤᠨ ᠤ ᠳᠠᠮᠢᠷ ᠤᠨ ᠦᠢᠯᠡᠰ᠂ ᠤᠨᠴᠠᠭᠠᠶᠢᠯᠠᠨ ᠪᠤᠺᠰ ᠤᠨ ᠦᠢᠯᠡᠰ ᠲᠤ ᠨᠦᠯᠦᠬᠡᠯᠡᠵᠤ ᠪᠠᠶᠢᠬᠤ ᠡᠰᠡᠬᠦ ᠳᠠᠯ᠎ᠠ ᠪᠠᠷ ᠰᠤᠨᠢᠷᠬᠠᠬᠤ ᠳᠤ᠂ ᠬᠠᠳᠠᠨᠪᠠᠭᠠᠳᠤᠷ ᠮᠠᠰᠢ ᠠᠷᠭ᠎ᠠ ᠶᠠᠳᠠᠭᠰᠠᠨ ᠪᠠᠶᠢᠳᠠᠯ ᠲᠠᠢ ᠪᠠᠷ ᠢᠩᠬᠢᠵᠤ ᠶᠠᠷᠢᠯ᠎ᠠ ᠄

    ᠮᠠᠨᠤᠰ ᠤᠨ ᠳᠠᠮᠢᠷᠴᠢᠨ ᠰᠤᠩᠭ᠋ᠤᠬᠤ ᠶᠠᠪᠤᠴᠠ ᠳᠤ ᠨᠢᠬᠡ ᠳᠦᠪᠡᠭ᠍ᠳᠡᠢ ᠠᠰᠠᠭᠤᠳᠠᠯ ᠳᠤᠯᠭᠠᠷᠠᠵᠤ ᠪᠠᠶᠢᠨ᠎ᠠ᠂ ᠤᠴᠢᠷ ᠨᠢ ᠤᠳᠤ ᠬᠤᠳᠠ ᠬᠦᠳᠡᠭᠡ ᠬᠡᠰᠡᠨ ᠦᠬᠡᠢ ᠠᠶᠢᠯ ᠪᠤᠯᠭᠠᠨ ᠭᠠᠭᠴᠠ ᠬᠡᠤᠬᠡᠳ ᠲᠠᠢ᠂ ᠬᠡᠳᠦᠨ ᠦᠶ᠎ᠡ ᠪᠠᠷ ᠢᠶᠡᠨ ᠪᠦᠷ ᠠᠯᠠᠭᠠᠨ ᠳᠠᠭᠠᠨ ᠳᠠᠯᠪᠢᠪᠠᠯ ᠪᠦᠮᠪᠦᠷᠢᠴᠢᠬᠡᠬᠦ ᠪᠠᠶᠢᠨ᠎ᠠ᠂ ᠠᠮᠠᠨ ᠳᠤ ᠪᠠᠨ ᠬᠢᠪᠡᠯ ᠬᠠᠶᠢᠯᠴᠢᠬᠠᠬᠤ ᠪᠠᠶᠢᠨ᠎ᠠ ᠬᠡᠮᠡᠵᠤ ᠪᠠᠶᠢᠭ᠎ᠠ ᠴᠠᠭ᠃ ᠢᠩᠬᠢᠬᠦ ᠪᠠᠷ ᠢᠶᠡᠨ ᠪᠢᠳᠡᠨᠡᠷ ᠤᠨ ᠢᠷᠡᠬᠡᠳᠦᠢ ᠲᠠᠢ ᠬᠡᠵᠤ ᠰᠤᠩᠭ᠋ᠤᠭᠰᠠᠨ ᠬᠡᠤᠬᠡᠳ ᠤᠳ ᠤᠨ ᠠᠪᠤ ᠡᠵᠢ᠂ ᠡᠪᠦᠭᠡ ᠡᠮᠡᠭᠡ ᠨᠢ ᠶᠠᠪᠤᠭᠤᠯᠬᠤ ᠳᠤᠷ᠎ᠠ ᠦᠬᠡᠢ᠂ ᠡᠰᠡᠬᠦᠯ᠎ᠡ ᠰᠤᠷᠤᠯᠭ᠎ᠠ ᠨᠢ ᠰᠠᠶᠢᠨ ᠬᠡᠳ ᠠᠩᠬᠢ ᠢᠢᠨ ᠪᠠᠭᠰᠢ ᠨᠢ ᠶᠠᠪᠤᠭᠤᠯᠬᠤ ᠦᠬᠡᠢ ᠬᠡᠬᠦ ᠮᠡᠲᠦ ᠪᠡᠷ ᠤᠯᠠᠨ ᠠᠰᠠᠭᠤᠳᠠᠯ ᠳᠤ ᠳᠤᠯᠭᠠᠷᠠᠳᠠᠭ᠃ ᠦᠨᠡᠨ ᠳᠡᠭᠡᠨ ᠪᠤᠺᠰ ᠪᠤᠯ ᠳᠡᠳᠡᠨᠡᠷ ᠤᠨ ᠪᠤᠳᠤᠳᠠᠭ ᠰᠢᠭ ᠳᠡᠶᠢᠮᠤ ᠠᠶᠤᠯ ᠲᠠᠢ ᠳᠠᠮᠢᠷ ᠤᠨ ᠬᠦᠳᠡᠯᠬᠡᠬᠡᠨ ᠪᠢᠰᠢ᠂ ᠳᠠᠰᠬᠠᠯᠵᠢᠭᠤᠯᠬᠤ ᠦᠢᠯᠡ ᠬᠦᠳᠡᠯᠬᠡᠬᠡᠨ ᠨᠢ ᠴᠤ ᠪᠦᠷ ᠶᠡᠭᠡ ᠰᠢᠨᠵᠢᠯᠡᠬᠦ ᠤᠬᠠᠭᠠᠨᠴᠢ ᠪᠠᠶᠢᠳᠠᠭ ᠶᠤᠮ᠃ ᠤᠳᠤᠬᠠᠨ ᠳᠤ ᠳᠦᠷᠦ ᠵᠠᠰᠠᠭ ᠡᠴᠡ ᠪᠡᠶ᠎ᠡ ᠢᠢᠨ ᠳᠠᠮᠢᠷ ᠤᠨ ᠦᠢᠯᠡᠰ ᠢ ᠶᠡᠭᠡ ᠳᠡᠮᠵᠢᠵᠤ ᠪᠠᠶᠢᠭ᠎ᠠ᠂ ᠬᠡᠷᠪᠡ ᠴᠢ ᠠᠮᠵᠢᠯᠳᠠ ᠭᠠᠷᠭᠠᠳᠠᠭ ᠯᠠ ᠶᠤᠮ ᠪᠤᠯ ᠶᠡᠭᠡ ᠬᠡᠮᠵᠢᠶᠡᠨ ᠤ ᠮᠦᠩᠬᠦ ᠳᠦᠬᠦᠷᠢᠭ᠌ ᠤᠨ ᠤᠷᠮᠠᠰᠢᠭᠤᠯᠤᠯ ᠦᠭ᠍ᠬᠦᠨ᠎ᠡ᠃ ᠪᠠᠰᠠ ᠱᠠᠩᠬᠠᠢ᠂ ᠦᠬᠠᠨ᠂ ᠲᠢᠶᠠᠨᠵᠢᠨ ᠵᠡᠷᠬᠡ ᠬᠤᠳᠠ ᠤᠨ ᠳᠠᠮᠢᠷ ᠤᠨ ᠰᠤᠷᠭᠠᠭᠤᠯᠢ ᠨᠤᠭᠤᠳ ᠡᠯᠰᠡᠵᠤ ᠠᠪᠳᠠᠭ᠃ ᠬᠡᠪᠡᠴᠤ ᠤᠳᠤ ᠢᠢᠨ ᠬᠡᠤᠬᠡᠳ ᠤᠳ ᠮᠠᠨ ᠤ ᠳᠡᠷᠠ ᠦᠶ᠎ᠡ ᠢᠢᠨ ᠬᠢ ᠶᠢ ᠪᠤᠳᠤᠪᠠᠯ ᠪᠡᠶ᠎ᠡ ᠮᠠᠬᠠᠪᠤᠳ ᠤᠨ ᠬᠢᠨᠢ ᠤᠤᠷ ᠴᠢᠨᠠᠷ ᠳᠤᠤᠷ᠎ᠠ ᠪᠤᠯᠤᠭᠰᠠᠨ ᠢᠶᠠᠷ ᠪᠠᠷᠠᠬᠤ ᠦᠬᠡᠢ᠂ ᠳᠡᠰᠪᠦᠷᠢ ᠳᠡᠪᠴᠢᠶᠡᠷᠢ ᠨᠢ ᠴᠤ ᠠᠷᠠᠢ ᠵᠢᠭᠠᠬᠠᠨ ᠮᠠᠭᠤ ᠪᠠᠶᠢᠨ᠎ᠠ᠃ ᠳᠡᠬᠡᠷ᠎ᠡ ᠡᠴᠡ ᠨᠢ ᠪᠠᠰᠠ ᠨᠡᠶᠢᠬᠡᠮ ᠤᠨ ᠵᠠᠷᠢᠮ ᠵᠦᠢᠯ ᠳᠤ ᠰᠡᠳᠬᠢᠯ ᠰᠠᠨᠠᠭ᠎ᠠ ᠨᠢ ᠨᠦᠯᠦᠬᠡᠯᠡᠭᠳᠡᠵᠤ᠂ ᠬᠤᠪᠢᠶᠠᠭᠳᠠᠭᠠᠳ ᠪᠠᠶᠢᠳᠠᠭ ᠬᠡᠵᠡᠢ᠃

    ᠦᠢᠯᠡᠰᠴᠢ ᠰᠡᠳᠬᠢᠯ ᠲᠠᠢ ᠬᠦᠮᠦᠨ ᠶᠡᠬᠡ ᠢᠢ ᠪᠦᠳᠦᠬᠡᠵᠤ᠂ ᠠᠷᠠᠳ ᠳᠦᠮᠡᠨ ᠳᠡᠭᠡᠨ ᠮᠡᠳᠡᠷᠡᠭᠳᠡᠳᠡᠭ ᠵᠢᠮ᠎᠎ᠠ ᠲᠠᠢ ᠰᠠᠨ᠃ 2014 ᠤᠨ ᠤ ᠳᠤᠮᠳᠠᠳᠤ ᠤᠯᠤᠰ ᠤᠨ ᠪᠤᠺᠰ ᠤᠨ ᠰᠢᠯᠢᠳᠡᠭ ᠳᠠᠰᠬᠠᠯᠵᠢᠭᠤᠯᠤᠭᠴᠢ ᠢᠢ ᠨᠧᠲ ᠢᠶᠡᠷ ᠤᠨᠤᠭ᠎ᠠ ᠦᠭᠴᠤ ᠰᠢᠯᠭᠠᠷᠠᠭᠤᠯᠬᠤ ᠳᠤ᠂ ᠬᠠᠳᠠᠨᠪᠠᠭᠠᠳᠤᠷ ᠬᠠᠮᠤᠭ ᠤᠨ ᠤᠯᠠᠨ ᠤᠨᠤᠭ᠎ᠠ ᠤᠯᠵᠠᠢ᠃ ᠵᠠᠯᠠᠭᠤ ᠳᠠᠰᠬᠠᠯᠵᠢᠭᠤᠯᠤᠭᠴᠢ ᠢᠢᠨ ᠵᠠᠮ ᠤᠨ ᠬᠦᠵᠦᠬᠦᠦ ᠪᠠᠰᠠ ᠤᠷᠳᠤ ᠪᠠᠢᠢᠭᠰᠠᠭᠠᠷ ᠁ (ᠪᠤᠯᠤᠷᠴᠡᠴᠡᠭ)

ᠢᠷᠡᠯᠳᠡ᠄ ᠰᠤᠯᠤᠩᠭ᠋᠎ᠠ ᠰᠡᠳᠬᠦᠯ ᠪᠡᠯᠡᠳᠭᠡᠭ᠍ᠰᠡᠨ ᠨᠢ᠄ ᠨᠤᠭᠤᠭᠠᠨᠳᠠᠯ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701116982749