蒙古文网站Logo
ᠰᠢᠨᠬᠤᠸᠠ ᠮᠤᠩᠭ᠋ᠤᠯ ᠨᠧᠲ

ᠮᠤᠨᠭᠭᠤᠯ ᠪᠦᠬᠡ ᠶᠢᠨ ᠴᠤᠯᠠ ᠣᠯᠭᠤᠬᠤ ᠨᠠᠶᠢᠷ ᠦᠪᠡᠳᠡᠭᠰᠢ ᠶᠡᠬᠡ ᠪᠡᠷ ᠡᠬᠢᠯᠡᠪᠡ

2016-07-20 20:08

    ᠰᠢᠨᠬᠤᠧᠠ ᠮᠣᠩᠭᠣᠯ ᠨᠧᠲ   ᠰᠢᠯᠢ ᠶᠢᠨ ᠭᠤᠤᠯ ᠤᠨ 7 ᠰᠠᠷ᠎ᠠ ᠶᠢᠨ 20 ᠤ ᠡᠳᠤᠷ ᠤᠨ ᠴᠠᠬᠢᠯᠭᠠᠨ ᠮᠡᠳᠡᠭᠡ (ᠰᠠᠷᠠᠨᠲᠤᠶᠠᠭ᠎ᠠ᠂ ᠰᠤᠷᠤᠶ᠎ᠠ) ᠲᠤᠰ ᠡᠳᠤᠷ᠂ 2016 ᠤᠨ ᠤ ᠪᠦᠬᠡ ᠪᠡᠯᠭᠦᠳᠠᠢ ᠶᠢᠨ ᠲᠠᠬᠢᠯᠭ᠎ᠠ ᠪᠠ ᠮᠤᠨᠭᠭᠤᠯ ᠪᠦᠬᠡ ᠶᠢᠨ ᠴᠤᠯᠠ ᠤᠯᠭᠤᠬᠤ ᠨᠠᠶᠢᠷ ᠤᠨ ᠨᠡᠬᠡᠬᠡᠯᠲᠠ ᠶᠢᠨ ᠶᠤᠰᠤᠯᠠᠯ ᠥᠪᠦᠷ ᠮᠣᠩᠭᠣᠯ ᠤᠨ ᠰᠢᠯᠢ ᠶᠢᠨ ᠭᠣᠣᠯ ᠠᠶᠢᠮᠠᠭ ᠤᠨ ᠠᠪᠠᠭ᠎ᠠ ᠬᠤᠰᠢᠭᠤᠨ ᠳᠤ ᠪᠤᠯᠤᠯ᠎ᠠ᠃

    ᠤᠶᠢᠯᠠᠭᠠᠭᠰᠠᠨ  ᠢᠶᠡᠷ᠂ ᠰᠡᠬᠦᠯ ᠤᠨ ᠵᠢᠯ ᠤᠳ ᠲᠤ ᠠᠪᠠᠭᠠᠴᠤᠳ ᠤᠯᠠᠮᠵᠢᠯᠠᠯ ᠢᠶᠡᠨ ᠰᠡᠷᠭᠦᠭᠡᠬᠦ ᠵᠢ ᠵᠤᠷᠢᠵᠦ᠂ ᠪᠡᠯᠭᠦᠳᠡᠢ ᠶᠢᠨ ᠲᠠᠬᠢᠯᠭ᠎ᠠ ᠶᠢᠨ ᠰᠦᠮ᠎ᠡ ᠪᠤᠯᠤᠨ ᠪᠦᠬᠡ ᠪᠡᠯᠭᠦᠳᠡᠢ ᠪᠡᠷ ᠨᠡᠷᠡᠢᠢᠲᠦᠭᠰᠡᠨ ᠤᠪᠤᠭ᠎ᠠ ᠪᠤᠰᠬᠠᠨ᠂ ᠵᠢᠯ ᠪᠤᠯᠭᠠᠨ ᠪᠡᠯᠭᠦᠳᠡᠢ ᠶᠢᠨ ᠲᠠᠬᠢᠯᠭ᠎ᠠ ᠵᠤᠬᠢᠶᠠᠨ ᠪᠠᠶᠢᠭᠤᠯᠳᠠᠬ᠃ ᠡᠨᠡ ᠵᠢᠯ ᠤᠨ ᠲᠠᠬᠢᠯᠭ᠎ᠠ ᠨᠢ ᠰᠢᠯᠢ ᠶᠢᠨ ᠭᠣᠣᠯ ᠠᠶᠢᠮᠠᠭ ᠤᠨ ᠵᠢᠯ ᠳᠤ ᠨᠢᠬᠡ ᠤᠳᠠᠭ᠎ᠠ ᠬᠣᠰᠢᠭᠤ ᠡᠭᠡᠯᠵᠢᠯᠡᠨ ᠵᠣᠬᠢᠶᠠᠨ ᠪᠠᠶᠢᠭᠤᠯᠤᠬᠳᠠᠳᠠᠬ ᠮᠤᠨᠭᠭᠤᠯ ᠪᠦᠬᠡ ᠶᠢᠨ ᠴᠤᠯᠠ ᠣᠯᠭᠤᠬᠤ ᠨᠠᠶᠢᠷ ᠲᠠᠢ ᠲᠤᠬᠢᠶᠠᠭᠰᠠᠨ ᠶᠤᠮ᠃ ᠲᠡᠶᠢᠨᠬᠦ ᠡᠨᠡ ᠨᠠᠶᠢᠷ ᠨᠢ ᠨᠤᠲᠤᠬ ᠤᠨ ᠮᠠᠯᠴᠢᠳ᠂ ᠬᠤᠯᠠ ᠤᠶᠢᠷ᠎ᠠ ᠶᠢᠨ ᠵᠤᠴᠢᠳ ᠤᠨ ᠠᠨᠭᠬᠠᠷᠤᠯ ᠢ ᠲᠠᠲᠠᠨ᠂ ᠪᠦᠬᠡᠴᠢᠳ ᠨᠠᠭᠠᠲᠤᠮᠴᠢᠳ ᠢᠶᠡᠨ ᠪᠠᠶᠠᠰᠬᠠᠯ᠎ᠠ᠃

    ᠨᠠᠶᠢᠷ ᠢ ᠵᠤᠬᠢᠶᠠᠨ ᠪᠠᠢᠢᠭᠤᠯᠵᠦ ᠪᠠᠶᠢᠭ᠎ᠠ ᠬᠠᠷᠢᠭᠤᠴᠠᠯᠭᠠᠲᠠᠨ ᠡᠴᠡ ᠤᠶᠢᠯᠠᠭᠠᠬᠰᠠᠨ ᠢᠶᠡᠷ᠂ ᠲᠤᠰ ᠤᠳᠠᠭ᠎ᠠ ᠶᠢᠨ ᠴᠤᠯᠠ ᠤᠯᠭᠤᠬᠤ ᠨᠠᠶᠢᠷ ᠲᠤ ᠦᠪᠦᠷ ᠮᠤᠨᠭᠭᠤᠯ ᠤᠨ ᠡᠯ᠎ᠡ ᠨᠤᠲᠤᠬ ᠡᠴᠡ ᠢᠷᠡᠭ᠍ᠰᠡᠨ 256 ᠪᠦᠬᠡᠴᠢᠨ ᠨᠡᠷ᠎ᠡ ᠪᠦᠷᠢᠳᠬᠡᠭᠦᠯᠵᠦ᠂ ᠡᠭᠦᠨ ᠳᠤ ᠠᠪᠤᠷᠭᠤ ᠪᠠᠶᠠᠷᠪᠠᠭᠠᠲᠤᠷ᠂ ᠵᠠᠯᠠᠭᠤ ᠠᠷᠰᠯᠠᠨ ᠴᠠᠭᠠᠨᠵᠠᠭᠠᠨ᠂ ᠬᠠᠭᠤᠴᠢᠨ ᠠᠪᠤᠷᠭᠤ ᠮᠢ‍·ᠰᠤᠶᠤᠯ ᠵᠡᠷᠭᠡ ᠰᠢᠯᠢ ᠶᠢᠨ ᠭᠤᠤᠯ᠂ ᠤᠯᠠᠭᠠᠨᠬᠠᠳᠠ᠂ ᠬᠦᠯᠦᠨ ᠪᠤᠶᠢᠷ ᠨᠤᠲᠤᠬ ᠤᠨ ᠰᠢᠯᠢᠳᠡᠭ ᠪᠦᠬᠡᠴᠤᠳ ᠵᠤᠳᠤᠬᠯᠠᠵᠦ᠂ ᠪᠢᠷ᠎ᠠ ᠴᠢᠳᠠᠯ ᠢᠶᠡᠨ ᠰᠢᠯᠭᠠᠬᠤ ᠪᠤᠯᠤᠨ᠎ᠠ᠃

    ᠨᠠᠶᠢᠷ ᠨᠢ ᠬᠤᠶᠠᠷ ᠡᠳᠤᠷ ᠦᠷᠭᠦᠯᠵᠢᠯᠡᠬᠦ ᠪᠦᠭᠡᠳ ᠪᠦᠬᠡ ᠪᠠᠷᠢᠯᠳᠤᠬᠤ᠂ ᠰᠤᠷ ᠬᠠᠷᠪᠤᠬᠤ᠂ ᠮᠣᠩᠭᠣᠯ ᠰᠢᠳᠠᠷ᠎ᠠ ᠲᠤᠭᠯᠠᠬᠤ ᠪᠠ ᠪᠠᠶᠡᠲᠤ ᠪᠤᠰᠤ ᠰᠤᠶᠤᠯ ᠤᠨ ᠥᠪ ᠤᠨ ᠪᠦᠲᠤᠬᠡᠯ ᠤᠨ ᠦᠵᠡᠭᠦᠯᠦᠯᠭᠡ᠂ ᠲᠠᠯ᠎ᠠ ᠨᠤᠲᠤᠭ ᠤᠨ ᠳᠠᠭᠤᠤ ᠬᠦᠭ᠍ᠵᠢᠮ ᠤᠨ ᠨᠠᠶᠢᠷ ᠵᠡᠷᠭᠡ ᠪᠠᠶᠠᠯᠢᠭ ᠠᠭᠤᠯᠭ᠎ᠠ ᠪᠡᠷ ᠵᠤᠬᠢᠶᠠᠨ ᠪᠠᠶᠢᠭᠤᠯᠤᠭᠳᠠᠬᠤ ᠪᠣᠯᠤᠨ᠎ᠠ᠃ ᠡᠬᠦᠨ ᠳᠤ ᠳᠠᠭᠤᠤ ᠬᠦᠭ᠍ᠵᠢᠮ ᠤᠨ ᠨᠠᠶᠢᠷ ᠢᠶᠡᠷ ᠳᠤᠮᠳᠠᠳᠤ ᠮᠣᠩᠭᠣᠯ ᠬᠣᠶᠠᠷ ᠤᠷᠤᠨ ᠤ ᠨᠡᠷᠡᠲᠤ ᠬᠠᠮᠲᠤᠯᠢᠭ᠂ ᠲᠠᠭᠤᠴᠢᠳ ᠬᠦᠷᠦᠯᠴᠠᠨ ᠢᠷᠡᠵᠤ ᠠᠶ᠎ᠠ ᠳᠠᠭᠤᠨ ᠤ ᠴᠡᠩᠭᠡᠷ ᠬᠠᠳᠠᠭ ᠡᠷᠭᠦᠭᠦ ᠪᠡᠷ ᠪᠤᠢ᠃

ᠢᠷᠡᠯᠳᠡ᠄ ᠰᠢᠨᠬᠤᠧᠠ ᠮᠣᠩᠭᠣᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119252155