蒙古文网站Logo
ᠰᠢᠨᠬᠤᠸᠠ ᠮᠤᠩᠭ᠋ᠤᠯ ᠨᠧᠲ

ᠤᠯᠤᠰ ᠤᠨ ᠪᠤᠺᠰ ᠤᠨ ᠠᠪᠤᠷᠭᠤ ᠬᠤᠷᠴᠠᠪᠢᠯᠢᠭ᠌ ᠤᠯᠤᠰ ᠤᠨ 《ᠪᠤᠺᠰ ᠤᠨ ᠬᠠᠭᠠᠨ》 ᠴᠤᠯᠠ ᠬᠦᠷᠳᠡᠯ᠎ᠡ

2016-11-01 15:23

    ᠰᠢᠨᠬᠤᠧᠠ ᠮᠤᠩᠭᠤᠯ ᠨᠧᠲ   ᠬᠦᠬᠡᠬᠤᠳᠠ ᠶᠢᠨ 11 ᠰᠠᠷ᠎ᠠ ᠶᠢᠨ 1 ᠤ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ) 10 ᠰᠠᠷ᠎ᠠ ᠶᠢᠨ 30 ᠤ ᠤᠷᠤᠢ᠂ ᠳᠤᠮᠳᠠᠳᠤ ᠤᠯᠤᠰ ᠤᠨ《ᠪᠤᠺᠰ ᠤᠨ ᠬᠠᠭᠠᠨ》ᠴᠤᠯᠠᠳᠠᠨ ᠢ ᠰᠢᠯᠭᠠᠷᠠᠭᠤᠯᠬᠤ ᠳᠡᠮᠡᠴᠡᠬᠡᠨ ᠭᠤᠧᠠᠩᠳᠦ᠋ᠩ ᠮᠤᠵᠢ ᠶᠢᠨ ᠵᠦᠩᠱᠠᠨ ᠬᠤᠳᠠ ᠳᠤ ᠵᠤᠬᠢᠶᠠᠨ ᠪᠠᠶᠢᠭᠤᠯᠤᠭᠳᠠᠵᠤ᠂ ᠦᠪᠦᠷ ᠮᠤᠩᠭᠤᠯ ᠤᠨ ᠪᠤᠺᠰᠴᠢᠨ ᠬᠤᠷᠴᠠᠪᠢᠯᠢᠭ᠌《ᠤᠯᠤᠰ ᠤᠨ ᠪᠤᠺᠰ ᠤᠨ ᠬᠠᠭᠠᠨ》ᠴᠤᠯᠠ ᠬᠦᠷᠳᠡᠭᠰᠡᠨ ᠰᠠᠶᠢᠬᠠᠨ ᠰᠤᠷᠠᠭ ᠳᠤᠭᠤᠯᠳᠠᠯ᠎ᠠ᠃ ᠳᠤᠰ ᠳᠡᠮᠡᠴᠡᠬᠡᠨ ᠨᠢ ᠤᠯᠤᠰ ᠤᠨ ᠬᠡᠮᠵᠢᠶᠡᠨ ᠳᠤ ᠠᠩᠬᠠᠯᠠᠨ ᠵᠤᠬᠢᠶᠠᠨ ᠪᠠᠶᠢᠭᠤᠯᠤᠭᠳᠠᠵᠤ ᠪᠠᠶᠢᠭ᠎ᠠ ᠳᠡᠳᠦᠢ ᠦᠬᠡᠢ᠂ ᠳᠤᠮᠳᠠᠳᠤ ᠤᠯᠤᠰ ᠤᠨ ᠬᠠᠮᠤᠭ ᠤᠨ ᠳᠡᠬᠡᠳᠦ ᠵᠡᠷᠬᠡᠯᠡᠯ ᠤᠨ ᠪᠤᠺᠰ ᠤᠨ ᠳᠡᠮᠡᠴᠡᠬᠡᠨ ᠪᠤᠯᠵᠤ ᠪᠠᠶᠢᠭ᠎ᠠ ᠪᠡᠷ ᠢᠶᠡᠨ ᠤᠨᠴᠠᠯᠠᠭᠳᠠᠨ᠎ᠠ᠃ ᠬᠤᠷᠴᠠᠪᠢᠯᠢᠭ᠌ 69 ᠺᠢᠯᠤᠭ᠍ᠷᠠᠮ ᠤᠨ ᠬᠦᠨᠳᠦ ᠶᠢᠨ ᠵᠢᠩ ᠳᠤ 58-56᠂ 58-58᠂ 56-57 ᠬᠤᠪᠢ ᠶᠢᠨ ᠬᠠᠷᠢᠴᠠᠯ ᠢᠶᠡᠷ ᠯᠢᠦ ᠸᠧᠢ ᠶᠢ ᠬᠤᠵᠢᠵᠤ᠂ ᠤᠯᠤᠰ ᠤᠨ《ᠪᠤᠺᠰ ᠤᠨ ᠬᠠᠭᠠᠨ》ᠴᠤᠯᠠ ᠬᠦᠷᠳᠡᠵᠡᠢ᠃

    ᠳᠤᠮᠳᠠᠳᠤ ᠤᠯᠤᠰ ᠤᠨ ᠪᠤᠺᠰ ᠤᠨ ᠳᠡᠪᠵᠢᠶᠡᠨ ᠳᠤ ᠰᠢᠨ᠎ᠡ ᠤᠳᠤ ᠪᠤᠯᠵᠤ ᠬᠢᠯᠠᠯᠵᠠᠭᠰᠠᠨ ᠬᠤᠷᠴᠠᠪᠢᠯᠢᠭ᠌ ᠨᠢ 1989 ᠤᠨ ᠳᠤ ᠦᠪᠦᠷ ᠮᠤᠩᠭᠤᠯ ᠤᠨ ᠤᠩᠨᠢᠭᠤᠳ ᠬᠤᠰᠢᠭᠤᠨ ᠤ ᠪᠠᠶᠠᠨᠳᠠᠯ᠎ᠠ ᠰᠤᠮᠤ ᠶᠢᠨ ᠤᠯᠠᠭᠠᠨᠳᠤᠶᠠᠭ᠎ᠠ ᠭᠠᠴᠠᠭᠠᠨ ᠳᠤ ᠳᠦᠷᠦᠵᠡᠢ᠃ ᠳᠡᠷᠡᠪᠡᠷ 2010 ᠤᠨ ᠡᠴᠡ ᠨᠠᠭᠠᠰᠢ ᠳᠤᠮᠳᠠᠳᠤ ᠤᠯᠤᠰ ᠤᠨ ᠪᠤᠺᠰ ᠤᠨ ᠠᠪᠤᠷᠭᠤ ᠰᠢᠯᠭᠠᠷᠠᠭᠤᠯᠬᠤ ᠳᠡᠮᠡᠴᠡᠬᠡᠨ ᠳᠤ 4 ᠤᠳᠠᠭ᠎ᠠ ᠳᠡᠷᠢᠬᠦᠯᠡᠵᠤ ᠠᠪᠤᠷᠭᠤ ᠴᠤᠯᠠ ᠬᠦᠷᠳᠡᠭᠰᠡᠨ ᠶᠤᠮ᠃ 2013 ᠤᠨ ᠳᠤ ᠪᠤᠯᠤᠭᠰᠠᠨ ᠠᠷᠪᠠᠨ ᠬᠤᠶᠠᠳᠤᠭᠠᠷ ᠬᠤᠭᠤᠴᠠᠭᠠᠨ ᠤ ᠤᠯᠤᠰ ᠲᠠᠶᠠᠭᠠᠷ ᠤᠨ ᠪᠡᠶ᠎ᠡ ᠶᠢᠨ ᠳᠠᠮᠢᠷ ᠤᠨ ᠴᠢᠭᠤᠯᠭᠠᠨ ᠳᠤ ᠯᠢᠶᠤᠤᠨᠢᠩ ᠤᠨ ᠳᠦᠯᠦᠬᠡᠯᠡᠬᠦ ᠪᠠᠭ ᠤᠨ ᠬᠡᠰᠢᠬᠦᠨ ᠢᠶᠡᠷ ᠤᠷᠤᠯᠴᠠᠵᠤ ᠮᠦᠩᠬᠦᠨ ᠮᠧᠳᠠᠯ ᠰᠢᠬᠦᠷᠴᠤ ᠶᠠᠪᠤᠭᠰᠠᠨ ᠳᠡᠤᠬᠡ ᠲᠠᠢ᠃ ᠮᠦᠨ ᠰᠠᠶ‍ᠢᠬᠠᠨ᠂ 10 ᠰᠠᠷ᠎ᠠ ᠶᠢᠨ 18 ᠡᠴᠡ 23 ᠤ ᠡᠳᠦᠷ ᠪᠤᠯᠳᠠᠯ᠎ᠠ ᠮᠤᠩᠭᠤᠯ ᠤᠯᠤᠰ ᠲᠤ ᠵᠤᠬᠢᠶᠠᠨ ᠪᠠᠶᠢᠭᠤᠯᠤᠭᠳᠠᠭᠰᠠᠨ《ᠴᠢᠩᠬᠢᠰ ᠬᠠᠭᠠᠨ》ᠨᠡᠷᠡᠮᠵᠢᠳᠦ ᠪᠤᠺᠰ ᠤᠨ ᠳᠡᠮᠡᠴᠡᠬᠡᠨ ᠳᠤ ᠳᠡᠷᠢᠬᠦᠯᠡᠵᠤ ᠳᠤᠰ ᠴᠤᠮᠤ ᠶᠢ ᠬᠦᠷᠳᠡᠵᠡᠢ᠃

    《ᠮᠤᠩᠭᠤᠯ ᠡᠴᠡ ᠬᠠᠷᠢᠵᠤ ᠢᠷᠡᠩᠬᠦᠳᠡ ᠯᠡ ᠡᠨᠡ ᠳᠡᠮᠡᠴᠡᠬᠡᠨ ᠳᠤ ᠪᠡᠯᠡᠳᠬᠡᠵᠤ ᠡᠬᠢᠯᠡᠭᠰᠡᠨ᠂ ᠬᠡᠪᠡᠴᠤ ᠳᠠᠰᠬᠠᠯ ᠬᠢᠬᠦ ᠴᠠᠭ ᠳᠡᠶᠢᠮᠤ ᠬᠠᠩᠭᠠᠯᠳᠠᠳᠠᠢ ᠪᠠᠶᠢᠭ᠎ᠠ ᠦᠬᠡᠢ᠃ ᠯᠢᠦ ᠸᠡᠢ ᠲᠠᠢ ᠤᠯᠠᠨ ᠤᠳᠠᠭᠠᠨ ᠤ ᠳᠡᠮᠡᠴᠡᠬᠡᠨ ᠳᠤ ᠦᠷᠢᠰᠦᠯᠳᠦᠵᠤ ᠪᠠᠶᠢᠯ᠎ᠠ᠃ ᠳᠡᠷᠡ ᠮᠠᠰᠢ ᠬᠦᠴᠦ ᠲᠠᠢ᠂ ᠰᠢᠷᠦᠬᠦᠨ ᠴᠤᠬᠢᠳᠠᠭ᠂ ᠤᠯᠤᠰ ᠤᠨ ᠠᠪᠤᠷᠭᠤ ᠰᠢᠯᠭᠠᠷᠠᠭᠤᠯᠬᠤ ᠳᠡᠮᠡᠴᠡᠬᠡᠨ ᠳᠤ 3 ᠮᠢᠨᠦ᠋ᠲ ᠢᠶᠡᠷ ᠭᠤᠷᠪᠠ ᠤᠳᠠᠭ᠎ᠠ ᠦᠷᠢᠰᠦᠯᠳᠦᠬᠦᠯᠳᠡᠭ ᠪᠤᠯᠬᠤᠷ ᠳᠡᠷᠡ ᠬᠤᠵᠢᠳᠠᠭ᠃ ᠡᠨᠡ ᠤᠳᠠᠭᠠᠨ ᠤ ᠪᠤᠺᠰ ᠤᠨ ᠬᠠᠭᠠᠨ ᠴᠤᠯᠠ ᠤᠯᠭᠤᠬᠤ ᠳᠡᠮᠡᠴᠡᠬᠡᠨ ᠢᠶᠡᠷ ᠬᠠᠷᠢᠨ 3 ᠮᠢᠨᠦ᠋ᠲ ᠢᠶᠡᠷ ᠵᠢᠷᠭᠤᠭ᠎ᠠ ᠤᠳᠠᠭ᠎ᠠ ᠦᠷᠢᠰᠦᠯᠳᠦᠬᠦᠯᠵᠤ ᠪᠢ ᠳᠡᠬᠦᠨ ᠢ ᠬᠤᠵᠢᠴᠢᠬᠠᠯ᠎ᠠ》ᠬᠡᠵᠤ ᠬᠤᠷᠴᠠᠪᠢᠯᠢᠭ᠌ ᠰᠤᠷᠪᠤᠯᠵᠢᠯᠠᠭ᠎ᠠ ᠬᠦᠯᠢᠶᠡᠨ ᠰᠡᠳᠬᠢᠭᠳᠡᠯ ᠢᠶᠡᠨ ᠬᠤᠪᠢᠶᠠᠯᠴᠠᠯ᠎ᠠ᠃

    ᠳᠡᠬᠦᠨ ᠤ ᠦᠷᠢᠰᠦᠯᠳᠦᠭᠴᠢ ᠯᠢᠦ ᠸᠧᠢ ᠨᠢ ᠡᠨᠡ ᠵᠢᠯ ᠤᠨ ᠷᠢᠦ᠋ ᠳ᠋ᠢ ᠿᠧᠨ᠋᠋ᠧᠶᠢᠷᠦ᠋ ᠳᠤ ᠵᠤᠬᠢᠶᠠᠨ ᠪᠠᠶᠢᠭᠤᠯᠤᠭᠳᠠᠭᠰᠠᠨ 31 ᠳ᠋ᠤᠬᠡᠷ ᠬᠤᠭᠤᠴᠠᠭᠠᠨ ᠤ ᠤᠯᠢᠮᠫᠢᠺ ᠤᠨ ᠴᠢᠭᠤᠯᠭᠠᠨ ᠳᠤ ᠦᠷᠢᠰᠦᠯᠳᠦᠵᠤ ᠪᠠᠶᠢᠭᠰᠠᠨ ᠶᠤᠮ᠃ ᠳᠤᠰ ᠤᠳᠠᠭ᠎ᠠ ᠶᠢᠨ ᠳᠡᠮᠡᠴᠡᠬᠡᠨ ᠤ ᠳᠡᠳ᠋ ᠳᠡᠷᠢᠬᠦᠨ ᠢ ᠰᠢᠯᠭᠠᠷᠠᠭᠤᠯᠬᠤ ᠡᠴᠡ ᠡᠮᠦᠨᠡᠬᠡᠨ ᠳᠡᠷᠡᠪᠡᠷ ᠰᠤᠷᠪᠤᠯᠵᠢᠯᠠᠭ᠎ᠠ ᠬᠦᠯᠢᠶᠡᠬᠦ ᠳ᠋ᠡᠬᠡᠨ᠂ ᠬᠡᠳᠦᠶᠢᠪᠡᠷ ᠬᠠᠭᠤᠴᠢᠨ ᠦᠷᠢᠰᠦᠯᠳᠦᠭᠴᠢ ᠲᠠᠢ ᠪᠡᠨ ᠳᠠᠭᠠᠷᠠᠭᠰᠠᠨ ᠪᠤᠯᠪᠠᠴᠤ ᠯᠠᠪ ᠨᠠᠶᠢᠷ ᠳᠠᠯ᠎ᠠ ᠬᠠᠶᠠᠬᠤ ᠦᠬᠡᠢ ᠬᠡᠵᠤ ᠪᠠᠷᠳᠠᠮ ᠶᠠᠷᠢᠵᠤ ᠪᠠᠶᠢᠭᠰᠠᠨ ᠪᠢᠯᠡ᠃ ᠬᠠᠷᠢᠨ ᠬᠤᠷᠴᠠᠪᠢᠯᠢᠭ᠌ ᠴᠤᠯᠠ ᠬᠦᠷᠳᠡᠭᠰᠡᠨ ᠤ ᠳᠠᠷᠠᠭ᠎ᠠ᠄《ᠳᠡᠮᠡᠴᠡᠬᠡᠨ ᠤ ᠴᠠᠭ ᠤᠷᠳᠤ ᠪᠠᠶᠢᠭᠰᠠᠨ ᠪᠤᠯᠬᠤᠷ ᠬᠤᠵᠢᠴᠢᠬᠠᠯ᠎ᠠ᠂ ᠦᠬᠡᠷ ᠬᠤᠨᠢᠨ ᠤ ᠱᠦᠯᠦ ᠤᠤᠭᠤᠵᠤ ᠴᠢᠮᠦᠬᠡ ᠳᠦᠬᠦᠷᠡᠩ ᠦᠰᠦᠭᠰᠡᠨ ᠪᠤᠯᠬᠤᠷ ᠳᠡᠬᠦᠨ ᠡᠴᠡ ᠢᠯᠡᠬᠦᠦ ᠳᠡᠰᠪᠦᠷᠢ ᠳᠠᠭᠠᠭᠠᠴᠠ ᠲᠠᠢ ᠪᠤᠯᠪᠠᠤ ᠋ᠳ᠋ᠠ》 ᠬᠡᠵᠤ ᠳᠠᠷᠤᠤᠬᠠᠨ ᠶᠠᠷᠢᠯ᠎ᠠ᠃

    ᠨᠤᠳᠤᠭ ᠪᠤᠴᠠᠭᠰᠠᠨ ᠤ ᠪᠡᠨ ᠳᠠᠷᠠᠭ᠎ᠠ ᠬᠤᠷᠴᠠᠪᠢᠯᠢᠭ᠌ ᠬᠡᠰᠡᠭ ᠠᠮᠠᠷᠠᠵᠤ ᠠᠪᠤᠭᠠᠳ ᠮᠤᠩᠭᠤᠯ ᠤᠯᠤᠰ ᠲᠤ ᠬᠦᠷᠴᠤ ᠪᠤᠺᠰ ᠢᠶᠡᠷ ᠳᠠᠰᠬᠠᠯᠵᠢᠨ᠂ ᠢᠷᠡᠬᠦ ᠵᠢᠯ ᠤᠨ ᠤᠯᠤᠰ ᠲᠠᠶᠠᠭᠠᠷ ᠤᠨ ᠪᠡᠶ᠎ᠡ ᠶᠢᠨ ᠳᠠᠮᠢᠷ ᠤᠨ ᠴᠢᠭᠤᠯᠭᠠᠨ ᠳᠤ ᠪᠡᠯᠡᠳᠬᠡᠬᠦ ᠶᠤᠮ ᠪᠠᠶᠢᠨ᠎ᠠ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119821189