蒙古文网站Logo
ᠰᠢᠨᠬᠤᠸᠠ ᠮᠤᠩᠭ᠋ᠤᠯ ᠨᠧᠲ

ᠰᠢᠯᠢ ᠶᠢᠨ ᠨᠠᠭᠤᠷ ᠳᠡᠬᠢ ᠮᠦᠰᠦᠨ ᠲᠡᠰᠢᠯᠲᠡ ᠶᠢᠨ ᠬᠦᠰᠡᠯ

2017-01-06 17:22

    ᠦᠪᠦᠷ ᠮᠣᠩᠭᠣᠯ ᠤᠨ ᠰᠢᠯᠢ ᠶᠢᠨ ᠭᠤᠤᠯ ᠠᠶᠢᠮᠠᠭ ᠤᠨ ᠰᠢᠯᠢᠩᠬᠤᠲᠠ ᠶᠢᠨ ᠰᠢᠯᠢ ᠶᠢᠨ ᠨᠠᠭᠤᠷ ᠲᠡᠭᠡᠷ᠎ᠠ ᠵᠠᠭᠤᠨ ᠲᠡᠭᠰᠢ ᠳᠦᠷᠪᠡᠯᠵᠢᠨ ᠮᠧᠲ᠋ᠷ ᠤᠨ ᠲᠠᠯᠠᠪᠠᠢ ᠲᠠᠢ ᠮᠦᠰᠦᠨ ᠳ᠋ᠦ ᠲᠡᠰᠢᠬᠦ ᠲᠠᠯᠠᠪᠠᠢ ᠪᠠᠢᠢᠳᠠᠬ᠂ ᠡᠨᠡ ᠪᠤᠯ ᠰᠢᠯᠢᠩᠬᠤᠲᠠ ᠶᠢᠨ ᠬᠤᠷᠳᠤᠨ ᠲᠡᠰᠢᠬᠦ ᠪᠠᠭ ᠤᠨ ᠳᠠᠰᠬᠠᠵᠢᠭᠤᠯᠤᠯᠳᠠ ᠵᠢᠨ ᠲᠠᠯᠠᠪᠠᠢ ᠪᠤᠯᠤᠨ᠎ᠠ᠃ ᠬᠤᠷᠳᠤᠨ ᠲᠡᠰᠢᠬᠦ ᠪᠠᠭ ᠤᠨ ᠪᠢᠴᠢᠬᠠᠨ ᠲᠠᠮᠢᠷᠴᠢᠨ ᠡᠳᠦᠷ ᠪᠦᠷᠢ ᠡᠨᠳᠡ ᠳᠠᠰᠬᠠᠯᠵᠢᠭᠤᠯᠤᠯ ᠬᠢᠳᠡᠭ᠂ ᠬᠠᠮᠤᠭ ᠤᠨ ᠪᠠᠭ᠎ᠠ ᠨᠢ 6 ᠨᠠᠰᠤᠲᠠᠢ᠃ ᠵᠢᠶᠠ ᠸᠸᠨ ᠴᠤᠤ ᠪᠤᠯ ᠬᠤᠷᠳᠤᠨ ᠲᠡᠰᠢᠬᠦ ᠪᠠᠭ ᠤᠨ ᠳᠠᠰᠬᠠᠯᠵᠢᠭᠤᠯᠤᠭᠴᠢ᠂ ᠲᠡᠷᠡ ᠡᠳᠦᠷ ᠪᠦᠷᠢ ᠶᠢᠨ 10 ᠴᠠᠭ ᠲᠤ ᠡᠨᠡᠬᠦ ᠪᠢᠴᠢᠬᠠᠨ ᠪᠠᠶᠢᠭᠠᠯᠢᠯᠢᠬ ᠮᠦᠰᠦ ᠲᠡᠰᠢᠬᠦ ᠲᠠᠯᠠᠪᠠᠢ ᠳᠤ ᠪᠡᠨ ᠢᠷᠡᠵᠤ ᠬᠡᠤᠬᠡᠳ ᠤᠳ ᠢᠶᠡᠨ ᠳᠠᠰᠬᠠᠯᠵᠢᠭᠤᠯᠤᠯ ᠬᠢᠯᠭᠡᠳᠡᠭ᠃ ᠵᠢᠶᠠ ᠸᠸᠨ ᠴᠤᠤ ᠬᠤᠷᠳᠤᠨ ᠲᠡᠰᠢᠯᠲᠡ ᠪᠤᠯᠪᠠᠰᠤᠷᠠᠭᠠᠳ ᠬᠤᠷᠢᠨ ᠬᠡᠳᠤᠨ ᠵᠢᠯ ᠪᠤᠯᠵᠤ ᠪᠤᠢ᠂ 2002 ᠤᠨ ᠳᠤ ᠲᠠᠷᠨ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠲᠠᠮᠢᠷ ᠤᠨ ᠤᠷᠤᠯᠳᠤᠭᠠᠨ ᠳᠤ 4 ᠤᠳᠠᠭ᠎ᠠ ᠲᠡᠷᠢᠭᠦᠯᠡᠵᠤ ᠪᠠᠶᠢᠭᠰᠠᠨ᠂ 2008 ᠤᠨ ᠡᠴᠡ ᠬᠤᠶᠢᠰᠢ ᠲᠡᠷᠠ ᠬᠦᠬᠡᠬᠤᠲᠠ ᠶᠢᠨ ᠬᠤᠷᠳᠤᠨ ᠲᠡᠰᠢᠬᠦ ᠪᠠᠭ ᠤᠨ ᠲᠤᠰᠠᠯᠠᠭᠴᠢ ᠳᠠᠰᠬᠠᠯᠵᠢᠭᠤᠯᠤᠭᠴᠢ ᠪᠡᠷ ᠠᠵᠢᠯᠯᠠᠵᠤ ᠡᠬᠢᠯᠡᠪᠡ᠂ 2015 ᠤᠨ ᠳᠤ ᠬᠦᠬᠡᠬᠤᠲᠠ ᠡᠴᠡ ᠰᠢᠯᠢᠩᠬᠤᠲᠠ ᠳᠤ ᠬᠦᠷᠴᠤ ᠢᠷᠡᠪᠡ᠃ ᠮᠦᠰᠦ ᠲᠡᠰᠢᠬᠦ ᠲᠠᠯᠠᠪᠠᠢ ᠶᠢᠨ ᠨᠦᠬᠦᠴᠡᠯ ᠪᠠᠷᠤᠬᠳᠠᠢ᠂ ᠡᠷᠬᠢᠨ ᠲᠤᠭᠤᠷᠢᠨ ᠳᠤᠨᠢ ᠵᠤᠭ᠎ᠠ ᠴᠡᠩᠬᠡᠭᠦᠨ ᠤ ᠬᠡᠷᠡᠭᠰᠡᠯ ᠵᠡᠷᠭᠡ ᠤᠳ ᠲᠠᠯᠪᠢᠬᠳᠠᠵᠦ᠂ ᠬᠡᠳᠤᠨ ᠮᠤᠳᠤᠨ ᠬᠠᠪᠲᠠᠰᠤ᠂ ᠬᠡᠳᠤᠨ ᠬᠤᠯᠤᠰᠤᠨ ᠱᠤᠩ ᠢᠶᠡᠷ ᠮᠦᠰᠦ ᠲᠡᠰᠢᠬᠦ ᠲᠠᠯᠠᠪᠠᠢ ᠪᠡᠨ ᠬᠦᠷᠢᠶᠡᠯᠡᠨ᠂ ᠳᠦᠷᠢᠮᠵᠢᠭᠰᠡᠨ ᠮᠦᠰᠦᠨ ᠵᠠᠮ᠂ ᠬᠤᠪᠴᠠᠰᠤ ᠰᠤᠯᠢᠬᠤ ᠦᠷᠦᠭᠡ ᠴᠤ ᠦᠭᠡᠢ᠂ ᠭᠡᠳᠡᠯ᠎ᠠ ᠬᠡᠤᠬᠡᠳ ᠤᠳ ᠮᠦᠨ ᠯᠡ ᠰᠢᠷᠭᠠᠭᠤ ᠳᠠᠰᠬᠠᠯᠵᠢᠭᠤᠯᠤᠯ ᠬᠢᠭ᠍ᠰᠡᠭᠡᠷ᠃ ᠵᠢᠶᠠ ᠸᠸᠨ ᠴᠤᠤ᠄《ᠮᠠᠨ ᠤ ᠡᠨᠳᠡᠬᠢ ᠳᠠᠰᠬᠠᠯᠵᠢᠭᠤᠯᠤᠯ ᠤᠨ ᠨᠦᠬᠦᠴᠡᠯ ᠲᠤᠩ ᠪᠠᠷᠤᠬᠳᠠᠢ᠂ ᠪᠠᠭ ᠤᠨ ᠬᠢᠨ ᠲᠡᠰᠢᠭᠦᠷ ᠤᠨ ᠱᠠᠬᠠᠢ ᠪᠡᠨ ᠴᠤ ᠪᠦᠷ ᠦᠪᠡᠷᠰᠡᠳ ᠢᠶᠡᠨ ᠬᠤᠳᠠᠯᠳᠤᠵᠤ ᠠᠪᠤᠨ᠎ᠠ᠂ ᠡᠪᠤᠯ ᠡᠨᠳᠡᠬᠢ ᠳᠤᠯᠠᠭᠠ ᠲᠠᠭ᠌ ᠡᠴᠡ ᠳᠤᠷᠤᠭᠰᠢ ᠬᠤᠷᠢᠨ ᠬᠡᠳᠤᠨ ᠭᠷᠠᠳᠦ᠋ᠰ ᠬᠦᠷᠳᠡᠭ ᠴᠤ ᠬᠡᠤᠬᠡᠳ ᠤᠳ ᠮᠠᠰᠢ ᠰᠢᠷᠭᠠᠭᠤ ᠳᠠᠰᠬᠠᠯᠵᠢᠭᠤᠯᠤᠯ ᠬᠢᠳᠡᠭ᠂ 2020 ᠤᠨ ᠳᠤ ᠠᠷᠪᠠᠨ ᠳᠦᠷᠪᠡᠳᠤᠭᠡᠷ ᠬᠤᠭᠤᠴᠠᠭᠠᠨ ᠤ ᠤᠯᠤᠰ ᠳᠠᠶᠠᠭᠠᠷ ᠤᠨ ᠡᠪᠤᠯ ᠤᠨ ᠲᠠᠮᠢᠷ ᠤᠨ ᠤᠷᠤᠯᠳᠤᠭᠠᠨ ᠦᠪᠦᠷ ᠮᠣᠩᠭᠣᠯ ᠳᠤ ᠶᠠᠪᠤᠭᠳᠠᠨ᠎ᠠ᠂ ᠪᠢᠳᠡᠨᠡᠷ ᠡᠭᠦᠨ ᠳᠤ ᠤᠷᠤᠯᠴᠠᠬᠤ ᠪᠡᠷ ᠴᠢᠷᠮᠠᠶᠢᠨ ᠪᠡᠯᠡᠳᠭᠡᠵᠤ ᠪᠠᠶᠢᠨ᠎ᠠ》 ᠭᠡᠵᠤ ᠶᠠᠷᠢᠯ᠎ᠠ᠃

    ᠤᠳᠤᠬᠠᠨ ᠳᠤ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠮᠦᠰᠤ ᠴᠠᠰᠤᠨ ᠤ ᠰᠫᠤᠷᠲ ᠢ ᠬᠦᠴᠤᠯᠠᠨ ᠭᠦᠭ᠍ᠵᠢᠭᠦᠯᠵᠤ ᠪᠤᠢ᠃ 2016 ᠤᠨ ᠤ 12 ᠰᠠᠷ ᠠ ᠳᠤ ᠤᠯᠤᠰ ᠳᠠᠶᠠᠭᠠᠷ ᠤᠨ ᠵᠠᠯᠠᠭᠤ ᠪᠠᠭᠠᠴᠤᠳ ᠤᠨ《 ᠢᠷᠡᠭᠡᠳᠦᠢ ᠶᠢᠨ ᠤᠳᠤᠳ》 ᠦᠪᠦᠷ ᠮᠣᠩᠭᠣᠯ ᠤᠨ ᠡᠪᠤᠯ ᠤᠨ ᠤᠯᠠᠷᠢᠯ ᠤᠨ ᠨᠠᠷᠠᠨ ᠭᠡᠷᠡᠯᠲᠤ ᠲᠠᠮᠢᠷ ᠤᠨ ᠴᠤᠭᠯᠠᠭᠠᠨ ᠤ ᠦᠪᠦᠷ ᠮᠣᠩᠭᠣᠯ ᠳᠡᠬᠢ ᠰᠡᠯᠪᠤᠷᠢ ᠲᠠᠯᠠᠪᠠᠢ ᠵᠢᠴᠢ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠵᠠᠭᠤᠨ ᠲᠦᠮᠡᠨ ᠵᠠᠯᠠᠭᠤ ᠪᠠᠭᠠᠴᠤᠳ ᠤᠨ ᠮᠦᠰᠦ ᠴᠠᠰᠤᠨ ᠳᠡᠬᠢ ᠡᠪᠤᠯᠵᠢᠶᠠᠨ ᠤ ᠠᠵᠢᠯᠯᠠᠭ᠎ᠠ ᠬᠦᠯᠦᠨ ᠪᠤᠶᠢᠷ ᠲᠤ ᠶᠠᠪᠤᠭᠳᠠᠵᠤ᠂ ᠦᠪᠦᠷ ᠮᠣᠩᠭᠣᠯ ᠤᠨ ᠡᠯ᠎ᠠ ᠭᠠᠵᠠᠷ ᠤᠳ ᠤᠨ ᠮᠦᠰᠦᠨ ᠳᠡᠭᠡᠷᠡᠬᠢ ᠰᠫᠤᠷᠲ ᠤᠨ ᠬᠠᠯᠠᠮᠰᠢᠯ ᠢ ᠲᠡᠭᠳᠡᠭᠡᠵᠠᠢ᠃ (ᠵᠢᠷᠤᠭ ᠢ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠯᠢᠶᠠᠨ ᠵᠧᠨ᠂ ᠳᠠᠳᠤᠯᠭ᠎ᠠ ᠶᠢᠨ ᠨᠠᠶᠢᠷᠠᠭᠤᠯᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
关闭
010070230030000000000000011120691120261256