蒙古文网站Logo
ᠰᠢᠨᠬᠤᠸᠠ ᠮᠤᠩᠭ᠋ᠤᠯ ᠨᠧᠲ

ᠬᠦᠯᠦᠨ ᠪᠦᠢᠷ ᠡᠪᠤᠯ ᠤᠨ ᠤᠯᠠᠷᠢᠯ ᠤᠨ ᠪᠠᠶ᠎ᠠ ᠶᠢᠨ ᠲᠠᠮᠢᠷ ᠤᠨ ᠴᠢᠭᠤᠯᠭᠠᠨ ᠳᠤ ᠢᠳᠡᠪᠬᠢᠲᠠᠢ ᠪᠡᠯᠡᠳᠭᠡᠵᠤ ᠮᠦᠰᠦ ᠴᠠᠰᠤᠨ ᠤ ᠬᠦᠳᠡᠯᠭᠡᠭᠡᠨ ᠢ ᠲᠦᠭᠡᠮᠡᠯᠵᠢᠭᠦᠯᠦᠨ ᠬᠦᠭ᠍ᠵᠢᠭᠦᠯᠵᠤ ᠪᠤᠢ

2017-02-08 16:30

    ᠬᠦᠯᠦᠨ ᠪᠦᠢᠷ ᠬᠤᠲᠠ 2020 ᠤᠨ ᠳᠤ ᠠᠷᠪᠠᠨ ᠳᠦᠷᠪᠡᠳᠦᠭᠡᠷ ᠬᠤᠭᠤᠴᠠᠭᠠᠨ ᠤ ᠤᠯᠤᠰ ᠳᠠᠶᠠᠭᠠᠷ ᠤᠨ ᠡᠪᠤᠯ ᠤᠨ ᠤᠯᠠᠷᠢᠯ ᠤᠨ ᠪᠠᠶ᠎ᠠ ᠶᠢᠨ ᠲᠠᠮᠢᠷ ᠤᠨ ᠴᠢᠭᠤᠯᠭᠠᠨ ᠢ ᠶᠠᠪᠤᠭᠳᠠᠭᠤᠯᠤᠨ᠎ᠠ᠂ 2017 ᠤᠨ ᠤ 8 ᠰᠠᠷ᠎ᠠ ᠳᠤ ᠶᠢᠰᠦᠳᠦᠭᠡᠷ ᠬᠤᠭᠤᠴᠠᠭᠠᠨ ᠤ ᠤᠷᠤᠨ ᠳᠠᠶᠠᠭᠠᠷ ᠤᠨ ᠴᠦᠬᠡᠨ ᠲᠤᠭᠠᠲᠤ ᠦᠨᠳᠦᠰᠦᠲᠡᠨ ᠤ ᠤᠯᠠᠮᠵᠢᠯᠠᠯᠲᠤ ᠪᠠᠶ᠎ᠠ ᠶᠢᠨ ᠲᠠᠮᠢᠷ ᠤᠨ ᠤᠷᠤᠯᠳᠤᠭᠠᠨ ᠢ ᠮᠦᠨ ᠬᠦᠯᠦᠨ ᠪᠦᠢᠷ ᠲᠤ ᠶᠠᠪᠤᠭᠳᠠᠭᠤᠯᠬᠤ ᠪᠡᠷ ᠪᠤᠢ᠃ ᠬᠠᠮᠢᠶ᠎ᠠ ᠪᠦᠬᠦᠢ ᠬᠦᠮᠦᠨ ᠤ ᠵᠢᠭᠠᠭᠰᠠᠨ ᠢᠶᠡᠷ᠂ ᠬᠦᠯᠦᠨ ᠪᠦᠢᠷ ᠬᠤᠲᠠ ᠤᠯᠤᠰ ᠪᠤᠯᠤᠨ ᠤᠷᠤᠨ ᠤ ᠦᠨᠳᠦᠷ ᠪᠠᠷᠢᠮᠵᠢᠶᠠᠲᠤ ᠤᠷᠤᠯᠳᠤᠭᠠᠨ ᠢ ᠵᠤᠬᠢᠶᠠᠨ ᠪᠠᠶᠢᠭᠤᠯᠬᠤ ᠪᠡᠷ ᠪᠠᠶᠢᠭ᠎ᠠ ᠨᠢ ᠬᠦᠯᠦᠨ ᠪᠦᠢᠷ ᠤᠨ ᠵᠢᠭᠤᠯᠴᠢᠯᠠᠯ ᠲᠠᠮᠢᠷ ᠤᠨ ᠦᠢᠯᠡᠰ ᠢ ᠬᠦᠭ᠍ᠵᠢᠭᠦᠯᠬᠦ ᠳᠤ ᠭᠦᠨᠵᠡᠭᠡᠢ ᠰᠠᠭᠤᠷᠢ ᠲᠠᠯᠪᠢᠵᠤ ᠯᠤᠲᠤ ᠶᠡᠬᠡ ᠪᠤᠯᠤᠮᠵᠢ ᠤᠯᠭᠤᠵᠠᠢ᠃

    ᠡᠪᠤᠯ ᠤᠨ ᠤᠯᠠᠷᠢᠯ ᠤᠨ ᠪᠠᠶ᠎ᠠ ᠶᠢᠨ ᠲᠠᠮᠢᠷ ᠤᠨ ᠴᠢᠭᠤᠯᠭᠠᠨ ᠤ ᠭᠤᠤᠯ ᠲᠠᠯᠠᠪᠤᠷ ᠪᠤᠯᠤᠭᠰᠠᠨ ᠤ ᠬᠤᠪᠢ ᠳᠤ ᠬᠦᠯᠦᠨ ᠪᠦᠢᠷ ᠬᠤᠲᠠ ᠶᠢᠨ ᠨᠠᠮ ᠤᠨ ᠬᠤᠷᠢᠶ᠎ᠠ ᠵᠠᠰᠠᠭ ᠤᠨ ᠤᠷᠳᠤᠨ ᠡᠴᠡ ᠪᠡᠯᠡᠳᠭᠡᠯ ᠠᠵᠢᠯ ᠢ ᠲᠡᠭᠡᠲᠤ ᠬᠡᠮᠵᠢᠶ᠎ᠠ ᠪᠡᠷ ᠴᠢᠬᠤᠯᠠᠴᠢᠯᠠᠵᠤ ᠪᠠᠶᠢᠨ᠎ᠠ᠃ ᠤᠳᠤᠬᠠᠨ ᠦᠪᠡᠷᠲᠡᠭᠡᠨ ᠵᠠᠰᠠᠬᠤ ᠤᠷᠤᠨ ᠤ ᠱᠠᠭᠠᠷᠳᠠᠯᠭ᠎ᠠ ᠪᠠᠶᠢᠷᠢᠯᠠᠭᠤᠯᠤᠯᠲᠠ ᠪᠡᠷ ᠪᠡᠯᠡᠳᠭᠡᠯ ᠠᠵᠢᠯ ᠤᠨ ᠲᠦᠰᠦᠯ ᠢ ᠲᠤᠭᠲᠠᠭᠠᠵᠤ᠂ ᠵᠤᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠶᠢ ᠪᠠᠶᠢᠭᠤᠯᠬᠤ᠃ ᠲᠦᠯᠦᠪᠯᠡᠭᠡ ᠶᠢᠨ ᠲᠦᠰᠦᠯ ᠢ ᠰᠠᠶᠢᠲᠤᠷ ᠬᠢᠵᠤ᠂ ᠲᠠᠮᠢᠷ ᠤᠨ ᠲᠠᠯᠠᠪᠠᠢ᠂ ᠲᠠᠮᠢᠷ ᠤᠨ ᠤᠷᠳᠤᠨ ᠤ ᠪᠦᠲᠦᠭᠡᠨ ᠪᠠᠶᠢᠭᠤᠯᠤᠯᠲᠠ ᠶᠢ ᠠᠬᠢᠭᠤᠯᠬᠤ᠃ ᠵᠠᠬ᠎ᠠ ᠵᠡᠭᠡᠯᠢ ᠶᠢᠨ ᠨᠦᠬᠡᠴᠡ ᠶᠢ ᠨᠡᠭᠡᠭᠡᠵᠤ᠂ ᠨᠠᠶᠢᠭᠡᠮ ᠤᠨ ᠬᠦᠴᠦᠨ ᠢ ᠳᠠᠶᠢᠴᠢᠯᠠᠬᠤ᠃ ᠮᠦᠰᠦ ᠴᠠᠰᠤᠨ ᠤ ᠬᠦᠳᠡᠯᠭᠡᠭᠡᠨ ᠢ ᠬᠦᠭ᠍ᠵᠢᠭᠦᠯᠵᠤ᠂ ᠴᠢᠳᠠᠪᠤᠷᠢᠲᠠᠨ ᠢ ᠬᠦᠮᠦᠵᠢᠭᠦᠯᠬᠦ ᠶᠢ ᠴᠢᠩᠭ᠋ᠠᠳᠬᠠᠬᠤ ᠵᠡᠷᠭᠡ ᠳᠦᠷᠪᠡᠨ ᠲᠠᠯ᠎ᠠ᠎ ᠶᠢᠨ ᠠᠵᠢᠯ ᠢ ᠭᠤᠤᠯᠳᠠᠯᠭ᠎ᠠ ᠲᠠᠢ ᠬᠢᠵᠤ ᠡᠬᠢᠯᠡᠪᠡ᠃ ᠳᠠᠷᠠᠭ᠎ᠠ ᠠᠯᠬᠤᠮ ᠳᠤ ᠬᠦᠯᠦᠨ ᠪᠦᠢᠷ ᠬᠤᠲᠠ ᠶᠢᠨ ᠤᠳᠤᠷᠢᠳᠤᠯᠭ᠎ᠠ ᠪᠠ ᠤᠬᠠᠭᠤᠯᠭ᠎ᠠ ᠶᠢ ᠤᠯᠠᠮ ᠴᠢᠨᠠᠭᠰᠢᠲᠠ ᠴᠢᠩᠭ᠋ᠠᠳᠬᠠᠨ᠂ ᠪᠦᠲᠦᠭᠡᠨ ᠪᠠᠶᠢᠭᠤᠯᠤᠯᠲᠠ ᠶᠢ ᠲᠦᠷᠭᠡᠳᠭᠡᠵᠤ᠂ ᠪᠤᠯᠪᠠᠰᠤᠷᠠᠯ ᠢᠶᠡᠨ ᠡᠷᠴᠢᠮᠵᠢᠭᠦᠯᠦᠨ ᠡᠪᠤᠯ ᠤᠨ ᠤᠯᠠᠷᠢᠯ ᠤᠨ ᠪᠠᠶ᠎ᠠ ᠶᠢᠨ ᠲᠠᠮᠢᠷ ᠤᠨ ᠴᠢᠭᠤᠯᠭᠠᠨ ᠤ ᠪᠡᠯᠡᠳᠭᠡᠯ ᠠᠵᠢᠯ ᠢ ᠰᠠᠶᠢᠲᠤᠷ ᠬᠢᠵᠤ ᠡᠪᠤᠯ ᠤᠨ ᠤᠯᠠᠷᠢᠯ ᠤᠨ ᠪᠠᠶ᠎ᠠ ᠶᠢᠨ ᠲᠠᠮᠢᠷ ᠤᠨ ᠴᠢᠭᠤᠯᠭᠠᠨ ᠤ ᠲᠡᠭᠦᠰ ᠠᠮᠵᠢᠯᠲᠠ ᠤᠯᠬᠤ ᠶᠢ ᠪᠠᠲᠤᠯᠠᠬᠤ ᠪᠡᠷ ᠪᠠᠶᠢᠨ᠎ᠠ᠃ (ᠳᠠᠳᠤᠯᠭ᠎ᠠ ᠶᠢᠨ ᠨᠠᠶᠢᠷᠠᠭᠤᠯᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠬᠦᠯᠦᠨ ᠪᠦᠢᠷ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
关闭
010070230030000000000000011120691120432781