蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠤᠨ ᠷᠠᠰᠢᠶᠠᠨ ᠳᠤ ᠮᠦᠰᠦᠨ ᠲᠡᠭᠡᠷ᠎ᠠ ᠦᠩᠬᠦᠷᠢᠬᠦ ᠰᠤᠶᠤᠯ ᠤᠨ ᠨᠠᠶᠢᠷ ᠡᠬᠢᠯᠠᠪᠠ

2017-02-13 17:32

    ᠮᠦᠰᠦᠨ ᠳᠡᠭᠡᠷ᠎ᠠ ᠦᠩᠬᠦᠷᠢᠬᠦ ᠰᠤᠶᠤᠯ ᠨᠢ ᠬᠦᠮᠦᠰ ᠤᠨ ᠡᠬᠡ ᠲᠡᠯᠡᠬᠡᠢ ᠳᠤ ᠪᠡᠨ ᠠᠭᠤᠰᠴᠤ᠂ ᠪᠠᠶᠢᠭᠠᠯᠢ ᠤᠷᠴᠢᠨ ᠤ ᠠᠷᠢᠭᠤᠨ ᠡᠨᠧᠷᠭᠢ ᠶᠢ ᠪᠡᠶ᠎ᠠ ᠳᠤ ᠪᠡᠨ ᠲᠠᠲᠠᠵᠤ᠂ ᠮᠠᠭᠤ ᠮᠠᠭᠤᠬᠠᠢ ᠡᠪᠡᠳᠴᠢᠨ ᠲᠠᠬᠤᠯ ᠢᠶᠡᠨ ᠤᠬᠢᠶᠠᠨ ᠠᠷᠢᠯᠭᠠᠬᠤ ᠭᠡᠰᠡᠨ ᠭᠦᠨ ᠤᠳᠬ᠎ᠠ ᠰᠠᠨᠠᠭ᠎ᠠ ᠠᠬᠤᠢ ᠲᠠᠢ ᠪᠠᠶᠢᠳᠠᠭ᠂ ᠡᠨᠡ ᠨᠢ ᠷᠠᠰᠢᠶᠠᠨ ᠬᠤᠲᠠ ᠶᠢᠨ ᠢᠷᠭᠡᠳ ᠤᠨ ᠦᠯᠵᠡᠶᠢᠲᠤ ᠡᠳᠦᠷ ᠢᠶᠡᠨ ᠪᠡᠯᠭᠡᠯᠡᠬᠦ ᠤᠨᠴᠠᠭᠠᠢ ᠵᠠᠩ ᠵᠠᠩᠰᠢᠯ ᠶᠤᠮ ᠪᠠᠶᠢᠨ᠎ᠠ᠃ 11 ᠤ ᠡᠳᠦᠷ ᠪᠤᠯ ᠳᠤᠮᠳᠠᠳᠤ ᠶᠢᠨ ᠤᠯᠠᠮᠵᠢᠯᠠᠯᠲᠤ ᠦᠯᠵᠠᠶᠢᠲᠤ ᠡᠳᠦᠷ᠂ ᠷᠠᠰᠢᠶᠠᠨ ᠬᠤᠲᠠ ᠶᠢᠨ ᠪᠠᠢ ᠯᠠᠩ ᠪᠠᠯᠭᠠᠰᠤ ᠶᠢᠨ ᠭᠤᠷᠪᠠᠳᠠᠬᠢ ᠬᠤᠭᠤᠴᠠᠭᠠᠨ ᠤ ᠦᠯᠵᠠᠶᠢᠲᠤ ᠡᠳᠦᠷ ᠤᠨ ᠮᠦᠰᠦᠨ ᠲᠡᠭᠡᠷ᠎ᠠ ᠦᠩᠬᠦᠷᠢᠬᠦ ᠰᠤᠶᠤᠯ ᠤᠨ ᠨᠠᠶᠢᠷ ᠦᠪᠡᠳᠡᠭᠰᠢ ᠪᠤᠯᠵᠤ ᠱᠠᠩᠬᠠᠢ᠂ ᠵᠢᠶᠠᠩᠰᠤ᠂ ᠠᠨᠾᠦ᠋ᠢ ᠵᠡᠷᠭᠡ ᠭᠠᠵᠠᠷ ᠤᠷᠤᠨ ᠤ ᠵᠢᠭᠤᠯᠴᠢᠳ ᠵᠢᠴᠢ ᠤᠶᠢᠷᠠᠯᠴᠠᠭᠠᠬᠢ ᠪᠦᠰᠡ ᠨᠤᠲᠤᠭ ᠤᠨ ᠵᠢᠭᠤᠯᠴᠢᠳ ᠢ ᠲᠠᠲᠠᠵᠤ 2000 ᠭᠠᠷᠤᠢ ᠬᠦᠮᠦᠨ ᠨᠠᠶᠢᠷ ᠲᠤ ᠬᠦᠷᠦᠯᠴᠡᠨ ᠬᠠᠮᠲᠤ ᠪᠡᠷ ᠦᠯᠵᠠᠶᠢᠲᠤ ᠡᠳᠦᠷ ᠢᠶᠡᠨ ᠲᠡᠮᠳᠡᠭᠯᠡᠯ᠎ᠠ᠃

    ᠰᠤᠷᠪᠤᠯᠵᠢᠯᠠᠭᠴᠢ ᠤᠶᠢᠯᠠᠭᠠᠭᠰᠠᠨ ᠢᠶᠡᠷ᠂ ᠲᠤᠬᠠᠢ ᠶᠢᠨ ᠡᠳᠦᠷ ᠮᠦᠰᠦᠨ ᠲᠡᠪᠤᠷ᠎ᠠ᠂ ᠪᠤᠤᠯᠢᠩ ᠪᠦᠮᠪᠦᠭᠡ᠂ ᠲᠡᠰᠢᠯᠲᠠ ᠶᠢᠨ ᠲᠡᠷᠭᠡ᠂ ᠲᠦᠯᠦᠭᠡ ᠡᠪᠳᠡᠬᠦ᠂ ᠲᠡᠪᠡᠭ᠌ ᠢᠰᠭᠦᠯᠬᠦ᠂ ᠮᠤᠳᠤ ᠳᠠᠮᠨᠠᠬᠤ ᠵᠡᠷᠭᠡ ᠠᠵᠢᠯᠯᠠᠭ᠎ᠠ ᠵᠡᠷᠭᠡ ᠪᠡᠷ ᠶᠠᠪᠤᠭᠳᠠᠪᠠ᠃ (ᠳᠠᠳᠤᠯᠭ᠎ᠠ ᠶᠢᠨ ᠨᠠᠶᠢᠷᠠᠭᠤᠯᠤᠭᠴᠢ ᠬᠡᠤᠬᠡᠨᠰᠤᠯᠢ ᠤᠷᠴᠢᠭᠤᠯᠪᠠ) 

ᠢᠷᠡᠯᠳᠡ᠄ ᠲᠤᠮᠳᠠᠳᠤ ᠤᠯᠤᠰ ᠤᠨ ᠰᠤᠨᠢᠨ ᠮᠡᠳᠡᠬᠡᠨ ᠤ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
关闭
010070230030000000000000011120691120459065