蒙古文网站Logo
ᠰᠢᠨᠬᠤᠸᠠ ᠮᠤᠩᠭ᠋ᠤᠯ ᠨᠧᠲ

ᠲᠦᠷᠪᠡᠲᠦᠭᠡᠷ ᠬᠤᠭᠤᠴᠠᠭᠠᠨ ᠤ《ᠮᠦᠩᠬᠦᠨ ᠲᠤᠪᠤᠷᠤᠤ》 ᠪᠦᠬᠡ ᠶᠢᠨ ᠨᠠᠢᠢᠷ ᠪᠤᠯᠵᠤ ᠦᠩᠭᠡᠷᠡᠪᠡ

2017-04-23 21:10

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 4 ᠰᠠᠷ᠎ᠠ ᠶᠢᠨ 23 ᠤ ᠡᠲᠦᠷ (ᠦᠵᠡᠰᠭᠦᠯᠡᠩ᠂ ᠠᠷᠤᠤᠬᠠᠨ )ᠲᠦᠷᠪᠡᠲᠦᠭᠡᠷ ᠬᠤᠭᠤᠴᠠᠭᠠᠨ ᠤ《ᠮᠦᠩᠬᠦᠨ ᠲᠤᠪᠤᠷᠤᠤ》 ᠪᠦᠬᠡ ᠶᠢᠨ ᠨᠠᠢᠢᠷ 4 ᠰᠠᠷ᠎᠎ᠠ ᠶᠢᠨ 23 ᠤ ᠡᠲᠦᠷ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠳ᠋ᠤ ᠪᠤᠯᠵᠤ ᠦᠩᠭᠡᠷᠡᠪᠡ᠃

    ᠨᠠᠢᠢᠷ ᠲᠤ ᠦᠪᠦᠷ ᠮᠤᠩᠭ᠋ᠤᠯ ᠤᠷᠤᠨ ᠤ ᠨᠡᠷᠡᠲᠦ ᠪᠦᠬᠡᠴᠢᠨ ᠭᠡᠭᠡᠷᠡᠬᠦ᠂ ᠠᠯᠲᠠᠨᠰᠦ᠋ᠬᠡ ᠪᠡᠷ ᠲᠦᠯᠦᠭᠡᠯᠡᠬᠦᠯᠦᠭᠰᠡᠨ 128 ᠬᠦᠴᠦᠲᠦ ᠪᠦᠬᠡ ᠪᠠ ᠶᠡᠬᠡ ᠲᠡᠭᠡᠳᠦ ᠰᠤᠷᠭᠠᠭᠤᠯᠢ ᠶᠢᠨ 128 ᠤᠶᠤᠲᠠᠨ ᠪᠦᠬᠡ ᠵᠤᠲᠤᠭᠯᠠᠪᠠ᠃ ᠬᠦᠴᠦᠲᠦ ᠪᠦᠬᠡ ᠶᠢᠨ ᠲᠠᠷᠢᠬᠦᠨ ᠳ᠋ᠤ ᠠᠯᠲᠠᠨᠰᠦ᠋ᠬᠡ ᠲᠤᠲᠤᠷᠠᠵᠤ᠂ ᠭᠡᠭᠡᠷᠡᠬᠦ ᠲᠡᠳ᠋᠋ᠯᠡᠨ᠂ ᠭᠠᠩᠰᠦ᠋ᠭᠡ ᠭᠤᠲᠠᠭᠠᠷ ᠲᠤ ᠤᠷᠤᠪᠠ᠃ ᠤᠶᠤᠲᠠᠨ ᠪᠦᠬᠡ ᠳ᠋ᠤ ᠰᠢᠨᠡ᠋᠋ᠨᠨᠢᠭᠡᠨ ᠲᠡᠷᠢᠬᠦᠯᠡᠵᠦ᠂ ᠵᠠᠨ᠎ᠠ ᠲᠡᠳ᠋ᠯᠡᠵᠦ᠂ ᠰᠡᠴᠡᠨᠪᠢᠯᠢᠭ᠌ ᠭᠤᠲᠠᠭᠠᠷᠯᠠᠪᠠ᠃ 

    ᠡᠭᠦᠨ ᠡᠴᠡ ᠭᠠᠲᠠᠨ᠎ᠠ ᠪᠢᠯᠠᠭᠤ ᠰᠢᠲᠡᠬᠦ᠂ ᠰᠤᠷ ᠬᠠᠷᠪᠤᠬᠤ ᠵᠡᠷᠭᠡ ᠤᠯᠠᠮᠵᠢᠯᠠᠯᠲᠤ ᠨᠠᠭᠠᠲᠤᠮ ᠢ ᠵᠤᠬᠢᠶᠠᠨ ᠪᠠᠢᠢᠭᠤᠯᠪᠠ᠃

    ᠨᠠᠭᠠᠮᠲᠤᠴᠢᠨ ᠰᠡᠩᠭᠡᠷᠢᠨᠴᠢᠨ ᠰᠤᠷᠪᠤᠯᠵᠢᠯᠠᠭ᠎ᠠ ᠬᠦᠯᠢᠶᠡᠨ ᠄《 ᠨᠠᠭᠠᠲᠤᠮ ᠮᠠᠰᠢ ᠰᠠᠢᠢᠬᠠᠨ ᠪᠤᠯᠤᠯ᠎ᠠ᠂ ᠤᠶᠤᠲᠠᠨ ᠵᠠᠯᠠᠭᠤᠰ᠂ ᠬᠡᠦᠬᠡᠳ ᠪᠠᠭᠠᠴᠤᠳ ᠨᠠᠭᠠᠲᠤᠮ ᠶᠢᠡᠷ ᠲᠠᠮᠵᠢᠨ ᠮᠤᠩᠭ᠋ᠤᠯ ᠪᠦᠬᠡ ᠶᠢᠨ ᠲᠤᠬᠠᠢ ᠨᠡᠩ ᠢᠯᠡᠬᠦᠦ ᠤᠢᠢᠯᠭᠠᠯᠲᠠ ᠲᠠᠢ ᠪᠤᠯᠬᠤ ᠨᠢ ᠭᠠᠷᠴᠠᠭ᠎ᠠ ᠦᠭᠡᠢ᠃ ᠮᠦᠨ ᠠᠬᠠᠮᠠᠳ ᠵᠠᠯᠠᠭᠤ ᠪᠦᠭᠡᠴᠤᠳ ᠤᠨ ᠪᠠᠷᠢᠯᠲᠤᠭᠠᠨ ᠶᠢᠡᠷ ᠤᠶᠠᠯᠲᠤᠭ᠎ᠠ ᠬᠤᠯᠪᠤᠭ᠎ᠠ ᠪᠠᠨ ᠤᠯᠬᠤ ᠪᠤᠯᠤᠨ᠎ᠠ》ᠭᠡᠵᠡᠢ᠃

    ᠤᠢᠢᠯᠠᠭᠠᠭᠰᠠᠨ ᠶᠢᠡᠷ᠂ ᠲᠦᠷᠪᠡᠲᠦᠭᠡᠷ ᠬᠤᠭᠤᠴᠠᠭᠠᠨ ᠤ《ᠮᠦᠩᠬᠦᠨ ᠲᠤᠪᠤᠷᠤᠤ》 ᠪᠦᠬᠡ ᠶᠢᠨ ᠨᠠᠢᠢᠷ ᠢ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠶᠢᠨ ᠡᠪᠯᠡᠯ ᠤᠨ ᠬᠤᠷᠢᠶ᠎ᠠ ᠡᠴᠡ ᠵᠤᠬᠢᠶᠠᠨ ᠪᠠᠢᠢᠭᠤᠯᠪᠠ᠃

    ᠵᠢᠷᠤᠭ ᠢ ᠲᠡᠷᠭᠡᠯ

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120859409