蒙古文网站Logo
ᠰᠢᠨᠬᠤᠸᠠ ᠮᠤᠩᠭ᠋ᠤᠯ ᠨᠧᠲ

ᠲᠦᠷᠪᠡᠳᠡᠬᠢ ᠬᠤᠭᠤᠴᠠᠭᠠᠨ ᠤ ᠤᠯᠠᠭᠠᠨᠪᠠᠭᠠᠳᠤᠷ ᠤᠨ ᠤᠯᠠᠨ ᠤᠯᠤᠰ ᠤᠨ ᠮᠠᠷᠠᠽᠤᠨ ᠲᠡᠮᠡᠴᠡᠭᠡᠨ ᠠᠮᠵᠢᠯᠳᠠ ᠲᠠᠢ ᠵᠤᠬᠢᠶᠠᠨ ᠪᠠᠶᠢᠭᠤᠯᠤᠭᠳᠠᠪᠠ

2017-05-22 08:34

    ᠰᠢᠨᠬᠤᠸᠠ ᠬᠤᠷᠢᠶ᠎ᠠ  ᠤᠯᠠᠭᠠᠨᠪᠠᠭᠠᠳᠤᠷ ᠤᠨ 5 ᠰᠠᠷ᠎ᠠ ᠶᠢᠨ 20 ᠤ ᠡᠳᠤᠷ ᠤᠨ ᠴᠠᠬᠢᠯᠭᠠᠨ ᠮᠡᠳᠡᠬᠡ ( ᠰᠤᠷᠪᠤᠯᠵᠢᠯᠠᠭᠴᠢ ᠠᠰᠬᠠᠨ) 20 ᠤ ᠡᠳᠤᠷ᠂ ᠮᠤᠩᠭ᠋ᠤᠯ ᠤᠯᠤᠰ ᠤᠨ ᠢᠷᠭᠡᠳ ᠤᠨ ᠢᠳᠡᠪᠬᠢᠲᠡᠢ ᠤᠷᠤᠯᠴᠠᠯᠭ᠎ᠠ ᠪᠤᠯᠤᠨ ᠲᠡᠮᠵᠢᠯᠬᠡ ᠪᠡᠷ᠂ ᠲᠦᠷᠪᠡᠳᠡᠬᠢ ᠬᠤᠭᠤᠴᠠᠭᠠᠨ ᠤ ᠤᠯᠠᠭᠠᠨᠪᠠᠭᠠᠳᠤᠷ ᠤᠨ ᠤᠯᠠᠨ ᠤᠯᠤᠰ ᠤᠨ ᠮᠠᠷᠠᠽᠤᠨ ᠲᠡᠮᠡᠴᠡᠭᠡᠨ ᠠᠮᠵᠢᠯᠳᠠ ᠲᠠᠢ ᠵᠤᠬᠢᠶᠠᠨ ᠪᠠᠶᠢᠭᠤᠯᠤᠭᠳᠠᠪᠠ᠃

    ᠡᠮᠦᠨ᠎ᠡ ᠡᠳᠤᠷ ᠤᠨ ᠪᠤᠷᠤᠭᠠᠨ 20 ᠤ ᠦᠷᠯᠦᠬᠡ ᠪᠤᠯᠳᠠᠯ᠎ᠠ ᠦᠷᠬᠦᠯᠵᠢᠯᠡᠭᠰᠡᠬᠡᠷ ᠠᠷᠢᠯᠬᠤ ᠶᠠᠩᠵᠤ ᠦᠭᠡᠢ ᠪᠠᠶᠢᠯ᠎ᠠ᠃ ᠡᠨᠡ ᠨᠢ ᠲᠠᠮᠢᠷᠴᠢᠳ ᠤᠨ ᠬᠤᠪᠢ ᠳᠤ ᠲᠡᠶᠢᠮᠦ ᠰᠠᠶᠢᠨ ᠴᠠᠭ ᠠᠭᠠᠷ ᠪᠢᠰᠢ ᠪᠠᠶᠢᠬᠰᠠᠨ ᠪᠤᠯᠪᠠᠴᠤ ᠢᠷᠭᠡᠳ ᠤᠨ ᠢᠳᠡᠪᠬᠢᠵᠢᠯ ᠪᠤᠯᠤᠨ ᠲᠡᠮᠡᠴᠡᠬᠡᠨ ᠤ ᠲᠤᠬᠢᠷᠠᠭᠤᠯᠤᠯᠳᠠ ᠶᠢ ᠨᠦᠯᠦᠭᠡᠯᠡᠵᠤ ᠴᠢᠳᠠᠬᠰᠠᠨ ᠦᠭᠡᠢ᠃ 9᠄ 00 ᠴᠠᠭ ᠤᠨ ᠦᠶ᠎ᠡ ᠪᠡᠷ᠂ ᠤᠯᠠᠭᠠᠨᠪᠠᠭᠠᠳᠤᠷ ᠬᠤᠳᠠ ᠶᠢᠨ ᠰᠦᠬᠡᠪᠠᠭᠠᠳᠤᠷ ᠲᠠᠯᠠᠪᠠᠢ ᠳᠤ ᠦᠢ ᠲᠦᠮᠡᠨ ᠬᠦᠮᠦᠨ ᠬᠤᠷᠠᠨ ᠴᠤᠭᠯᠠᠷᠠᠪᠠ᠃ 10᠄ 00 ᠴᠠᠭ ᠲᠤ᠂ ᠪᠦᠬᠦ ᠵᠠᠮ ᠤᠨ ᠮᠠᠷᠠᠽᠤᠨ ᠲᠡᠮᠡᠴᠡᠭᠡᠨ ᠡᠬᠢᠯᠡᠯ᠎ᠠ᠃ ᠠᠵᠢᠯᠯᠠᠭ᠎ᠠ ᠶᠢ ᠡᠷᠬᠢᠯᠡᠭᠰᠡᠨ ᠨᠢᠬᠡᠴᠠ ᠶᠢᠨ ᠨᠢᠬᠡ ᠪᠤᠯᠤᠭᠰᠠᠨ ᠤᠯᠠᠭᠠᠨᠪᠠᠭᠠᠳᠤᠷ ᠬᠤᠳᠠ ᠶᠢᠨ ᠢᠷᠭᠡᠳ ᠤᠨ ᠰᠫᠤᠷᠲ ᠤᠨ ᠵᠦᠪᠯᠡᠯ ᠤᠨ ᠬᠠᠷᠢᠭᠤᠴᠠᠯᠭᠠᠳᠠᠨ ᠤ ᠲᠠᠨᠢᠯᠴᠠᠭᠤᠯᠤᠭᠰᠠᠨ ᠢᠶᠡᠷ᠂ ᠲᠤᠰ ᠡᠳᠤᠷ ᠤᠨ ᠲᠡᠮᠡᠴᠡᠭᠡᠨ ᠳᠤ ᠪᠦᠬᠦ ᠵᠠᠮ ᠤᠨ ᠮᠠᠷᠠᠽᠤᠨ (42.195 ᠺᠢᠯᠤᠮᠧᠲ᠋ᠷ)᠂ ᠬᠠᠭᠠᠰ ᠵᠠᠮ ᠤᠨ ᠮᠠᠷᠠᠽᠤᠨ (21.095 ᠺᠢᠯᠤᠮᠧᠲ᠋ᠷ)᠂ 10 ᠺᠢᠯᠤᠮᠧᠲ᠋ᠷ᠂ 5 ᠺᠢᠯᠤᠮᠧᠲ᠋ᠷ ᠵᠢᠴᠢ ᠬᠡᠷ ᠪᠦᠯᠢ ᠶᠢᠨ 3 ᠺᠢᠯᠤᠮᠧᠲ᠋ᠷ᠂ ᠬᠦᠭ᠍ᠵᠢᠯ ᠤᠨ ᠪᠡᠷᠬᠡᠰᠢᠶᠡᠯ ᠲᠠᠢ ᠬᠦᠮᠦᠰ ᠤᠨ 3 ᠺᠢᠯᠤᠮᠧᠲ᠋ᠷ ᠵᠡᠷᠬᠡ ᠤᠯᠠᠨ ᠲᠦᠷᠦᠯ ᠤᠨ ᠲᠡᠮᠡᠴᠡᠭᠡᠨ ᠲᠤᠬᠢᠷᠠᠭᠤᠯᠵᠤ᠂ ᠲᠤᠮᠳᠠᠳᠤ ᠤᠯᠤᠰ᠂ ᠤᠷᠤᠰ᠂ ᠠᠩᠭ᠍ᠯᠢ᠂ ᠠᠮᠧᠷᠢᠺᠠ ᠵᠡᠷᠭᠡ 17 ᠤᠯᠤᠰ ᠪᠤᠯᠤᠨ ᠭᠠᠵᠠᠷ ᠤᠷᠤᠨ ᠤ ᠨᠡᠢᠳᠡ 37000 ᠭᠠᠷᠤᠢ ᠲᠤᠷ᠎ᠠ ᠪᠠᠬᠠᠲᠠᠳ ᠤᠷᠤᠯᠴᠠᠭᠰᠠᠨ ᠪᠠᠶᠢᠨ᠎ᠠ᠃

    ᠲᠤᠮᠳᠠᠳᠤ ᠤᠯᠤᠰ ᠡᠴᠡ ᠮᠤᠩᠭ᠋ᠤᠯ ᠳᠤ ᠰᠠᠭᠤᠭ᠎ᠠ ᠡᠯᠴᠢᠨ ᠰᠠᠶᠢᠳ ᠤᠨ ᠶᠠᠮᠤᠨ ᠡᠴᠡ ᠲᠡᠮᠡᠴᠡᠭᠡᠨ ᠢ ᠠᠩᠬᠠᠷᠬᠤ ᠶᠢᠨ ᠲᠠᠭᠠᠤ ᠢᠳᠡᠪᠬᠢᠲᠡᠢ ᠤᠷᠤᠯᠴᠠᠪᠠ᠃ ᠴᠡᠷᠢᠭ ᠤᠨ ᠠᠳ᠋ᠱᠠᠺ ᠤᠨ ᠤᠷᠤᠯᠠᠭᠴᠢ ᠶᠠᠩ ᠰᠢᠦᠢ ᠵᠢᠴᠢ ᠬᠠᠳᠤᠨ ᠨᠢ ᠼᠦᠢ ᠢᠤᠢ ᠰᠢᠶᠠ ᠡᠯᠴᠢ ᠶᠢᠨ ᠰᠠᠢᠳ ᠤᠨ ᠶᠠᠮᠤᠨ ᠢ ᠲᠦᠯᠦᠭᠡᠯᠡᠨ ᠪᠦᠬᠦ ᠵᠠᠮ ᠤᠨ ᠮᠠᠷᠠᠽᠤᠨ ᠳᠤ ᠤᠷᠤᠯᠴᠠᠬᠤ ᠶᠢᠨ ᠬᠠᠮᠲᠤ ᠬᠤᠶᠠᠭᠤᠯᠠ ᠪᠠᠨ ᠦᠩᠭᠡᠷᠡᠭᠰᠡᠨ ᠬᠤᠭᠤᠴᠠᠭᠠᠨ ᠤ ᠬᠤᠪᠢ ᠬᠦᠮᠦᠨ ᠤ ᠲᠡᠮᠳᠡᠭᠯᠡᠯ ᠢᠶᠡᠨ ᠰᠢᠨᠡᠳᠭᠡᠵᠤ᠂ ᠼᠦᠢ ᠢᠤᠢ ᠰᠢᠶᠠ ᠡᠮᠡᠭᠲᠡᠢ ᠶᠢᠨ ᠪᠦᠬᠦ ᠵᠠᠮ ᠤᠨ ᠮᠠᠷᠠᠽᠤᠨ ᠤ ᠲᠡᠮᠡᠴᠡᠭᠡᠨ ᠳᠤ ᠨᠠᠶ᠋ᠮᠠᠳᠤᠭᠠᠷ ᠪᠠᠶᠢᠷᠢᠨ ᠳᠤ ᠲᠤᠳᠤᠷᠠᠵᠡᠢ᠃ ᠤᠶᠢᠯᠠᠭᠠᠭᠰᠠᠨ ᠢᠶᠡᠷ᠂ ᠢᠷᠭᠡᠳ ᠤᠨ ᠰᠫᠤᠷᠲ᠋ᠯᠠᠬᠤ ᠢᠳᠡᠪᠬᠢᠵᠢᠯ ᠢ ᠳᠠᠶᠢᠴᠢᠯᠠᠬᠤ ᠶᠢᠨ ᠲᠤᠰᠠᠲᠠ ᠮᠤᠩᠭ᠋ᠤᠯ ᠤᠯᠤᠰ ᠤᠨ ᠨᠡᠢᠰᠯᠡᠯ ᠤᠯᠠᠭᠠᠨᠪᠠᠭᠠᠳᠤᠷ ᠬᠤᠳᠠᠨ᠎ᠠ 2014 ᠤᠨ ᠡᠴᠡ ᠡᠬᠢᠯᠡᠨ ᠵᠢᠯ ᠲᠤᠳᠤᠮ ᠨᠢᠬᠡ ᠤᠳᠠᠭ᠎ᠠ ᠤᠯᠠᠨ ᠤᠯᠤᠰ ᠤᠨ ᠮᠠᠷᠠᠽᠤᠨ ᠤ ᠲᠡᠮᠡᠴᠡᠭᠡᠨ ᠡᠷᠬᠢᠯᠡᠨ᠂ ᠤᠳᠤ ᠲᠦᠷᠪᠡᠳᠡᠬᠢ ᠡᠬᠡᠯᠵᠢ ᠪᠠᠨ ᠤᠭᠳᠤᠵᠤ᠂ ᠤᠷᠤᠯᠳᠤᠭᠠᠨ ᠤ ᠪᠠᠢᠳᠠᠯ ᠨᠡᠯᠢᠶᠡᠳ ᠪᠤᠯᠪᠠᠰᠤᠷᠠᠩᠭ᠋ᠤᠢ ᠪᠤᠯᠵᠤ ᠪᠠᠢᠬᠤ ᠪᠦᠭᠡᠳ ᠤᠷᠤᠯᠴᠠᠵᠤ ᠪᠠᠶᠢᠭ᠎ᠠ ᠤᠯᠤᠰ᠂ ᠭᠠᠵᠠᠷ ᠤᠷᠤᠨ ᠵᠢᠴᠢ ᠲᠡᠮᠡᠴᠡᠭᠡᠨ ᠳᠤ ᠤᠷᠤᠯᠴᠠᠵᠤ ᠪᠠᠢᠭ᠎ᠠ ᠬᠦᠮᠦᠨ ᠤ ᠲᠤᠭ᠎ᠠ ᠵᠢᠯ ᠲᠠᠷᠠᠭᠠᠯᠠᠨ ᠨᠡᠮᠡᠭᠳᠡᠵᠤ ᠪᠤᠢ᠃

ᠴᠡᠷᠢᠭ ᠤᠨ ᠠᠳ᠋ᠱᠠᠺ ᠤᠨ ᠤᠷᠤᠯᠠᠭᠴᠢ ᠶᠠᠩ ᠰᠢᠦᠢ ᠬᠠᠳᠤᠨ ᠼᠦᠢ ᠢᠤᠢ ᠰᠢᠶᠠ ᠲᠠᠢ ᠪᠡᠨ

 

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
关闭
010070230030000000000000011100001121011074