蒙古文网站Logo
ᠰᠢᠨᠬᠤᠸᠠ ᠮᠤᠩᠭ᠋ᠤᠯ ᠨᠧᠲ

《 ᠮᠤᠡᠭᠭᠤᠯ ᠬᠠᠨ ᠬᠤᠳᠠ ᠬᠤᠨᠳᠠᠭᠠᠳᠦ 》 ᠤᠯᠠᠨ ᠤᠯᠤᠰ ‍ᠤᠨ ᠰᠤᠷ ᠬᠠᠷᠪᠤᠯᠳᠠ ᠶ᠋ᠢᠨ ᠤᠷᠤᠯᠳᠤᠭᠠᠨ ᠡᠬᠢᠯᠡᠪᠡ

2017-06-09 16:14

    6 ᠰᠠᠷ᠎ᠠ ᠶ᠋ᠢᠨ 8 ‍ᠤ ᠡᠳᠦᠷ ᠦᠪᠦᠷ ᠮᠤᠡᠭᠭᠤᠯ ‍ᠤᠨ ᠰᠢᠯᠢ ᠶ᠋ᠢᠨ ᠭᠤᠤᠯ ‍ᠤᠨ ᠠᠶᠢᠮᠠᠭ ‍ᠤᠨ ᠪᠠᠷᠠᠭᠤᠨ ᠦᠵᠦᠮᠦᠴᠢᠨ ᠬᠤᠰᠢᠭᠤᠨ ‍ᠤ ᠠᠷᠠᠳ ‍ᠤᠨ ᠵᠠᠰᠠᠭ ‍ᠤᠨ ᠤᠷᠳᠤᠨ ᠡᠴᠡ ᠭᠤᠤᠯᠯᠠᠨ ᠡᠷᠭᠢᠯᠡᠵᠤ᠂ ᠪᠠᠷᠠᠭᠤᠨ ᠦᠵᠦᠮᠦᠴᠢᠨ ᠬᠤᠰᠢᠭᠤᠨ ‍ᠤ ᠰᠤᠶᠤᠯ ᠲᠠᠮᠢᠷ ᠷᠠᠲᠢᠤ᠋ ᠲᠸᠯᠸᠢᠰ ᠺᠢᠨᠤ᠋ ᠵᠢᠭᠤᠯᠴᠢᠯᠠᠯ ‍ᠤᠨ ᠲᠤᠪᠴᠢᠶ᠎ᠠ᠂ ᠦᠨᠳᠦᠰᠦᠳᠡᠨ ᠱᠠᠰᠢᠨ ᠰᠤᠷᠳᠠᠬᠤᠨ ‍ᠤ ᠭᠡᠷᠡᠭ ᠡᠷᠭᠢᠯᠡᠭᠦ ᠲᠤᠪᠴᠢᠶ᠎ᠠ ᠡᠴᠡ ᠲᠠᠭᠠᠭᠠᠴᠢᠯᠠᠨ ᠂ ᠦᠪᠦᠷ ᠮᠤᠡᠭᠭᠤᠯ ‍ᠤᠨ 《 ᠮᠤᠡᠭᠭᠤᠯ ᠬᠠᠨ ᠬᠤᠳᠠ 》 ᠵᠢᠭᠤᠯᠴᠢᠯᠠᠯ ‍ᠤᠨ ᠭᠢᠵᠠᠭᠠᠷᠳᠦ ᠬᠠᠷᠢᠭᠤᠴᠠᠯᠭᠠᠳᠦ ᠺᠦᠮᠫᠠᠨᠢ᠂ ᠪᠠᠷᠠᠭᠤᠨ ᠦᠵᠦᠮᠦᠴᠢᠨ ᠬᠤᠰᠢᠭᠤᠨ ‍ᠤ 《 ᠵᠠᠪᠠ 》 ᠰᠤᠷᠴᠢᠳ ‍ᠤᠨ ᠨᠡᠶᠢᠬᠡᠮᠯᠢᠭ᠌ ᠡᠴᠡ ᠬᠠᠮᠳᠤᠷᠠᠨ ᠡᠷᠭᠢᠯᠡᠭᠰᠡᠨ《 ᠰᠢᠯᠢ ᠶ᠋ᠢᠨ ᠭᠤᠤᠯ ᠠᠶᠢᠮᠠᠭ ‍ᠤᠨ ᠲᠦᠷᠪᠡᠳᠦᠭᠡᠷ ᠬᠤᠭᠤᠭᠠᠴᠠᠨ ‍ᠤ ᠲᠠᠮᠢᠷ ‍ᠤᠨ ᠴᠤᠬᠯᠠᠭᠠᠨ ‍ᠤ -- ᠪᠦᠭᠦ ᠠᠶᠢᠮᠠᠭ ‍ᠤᠨ ᠲᠤᠯᠤᠳᠤᠭᠠᠷ ᠬᠤᠭᠤᠴᠠᠭᠠᠨ ‍ᠤ 〈 ᠲᠠᠮᠢᠷ ‍ᠤᠨ ᠱᠠᠡᠭᠨᠠᠯᠳᠦ ᠲᠡᠮᠳᠡᠭ ᠬᠤᠨᠳᠠᠭᠠᠳᠦ 〉 ᠮᠤᠡᠭᠭᠤᠯ ᠦᠨᠳᠦᠰᠦᠳᠡᠨ ‍ᠤ ᠰᠤᠷ ᠬᠠᠷᠪᠤᠯᠲᠠ ᠶᠢᠨ ᠤᠷᠤᠯᠳᠤᠭᠠᠨ ᠵᠢᠴᠢ 〈 ᠮᠤᠡᠭᠭᠤᠯ ᠬᠠᠨ ᠬᠤᠳᠠ ᠬᠤᠨᠳᠠᠭᠠᠳᠦ 〉 ᠤᠯᠠᠨ ᠤᠯᠤᠰ ‍ᠤᠨ ᠤᠯᠠᠮᠵᠢᠯᠠᠯᠳᠦ ᠰᠤᠷ ᠬᠠᠷᠪᠤᠯᠲᠠ ᠶ᠋ᠢᠨ ᠤᠷᠢᠯᠭ᠎ᠠ ᠶ᠋ᠢᠨ ᠤᠷᠤᠯᠳᠤᠭᠠᠨ 》 ᠤᠯᠤᠰ ‍ᠤᠨ 4 A ᠵᠡᠷᠭᠡᠯᠡᠯ ‍ᠤᠨ ᠦᠵᠡᠮᠵᠢ ᠶ᠋ᠢᠨ ᠤᠷᠤᠨ --《 ᠮᠤᠡᠭᠭᠤᠯ ᠬᠠᠨ ᠬᠤᠳᠠ 》 ᠦᠵᠡᠮᠵᠢ ᠶ᠋ᠢᠨ ᠤᠷᠤᠨ ᠳ᠋ᠤ ᠦᠪᠡᠳᠡᠭᠰᠢ ᠶᠡᠭᠡ ᠪᠡᠷ ᠡᠭᠢᠯᠡᠪᠡ᠃

    ᠡᠨᠡ ᠤᠳᠠᠭᠠᠨ ‍ᠤ ᠤᠷᠤᠯᠳᠤᠭᠠᠨ ᠳ᠋ᠤ ᠮᠤᠡᠭᠭᠤᠯ ᠤᠯᠤᠰ ‍ᠤᠨ ᠲᠦᠯᠦᠭᠡᠯᠡᠭᠴᠢᠳ ‍ᠤᠨ ᠪᠠᠭ ᠂ ᠤᠷᠤᠰ ‍ᠤᠨ ᠬᠤᠯᠪᠤᠭᠠᠨ ‍ᠤ ᠠᠭ᠎ᠠ ᠶ᠋ᠢᠨ ᠪᠤᠷᠢᠶᠠᠳ ‍ᠤᠨ ᠦᠨᠳᠦᠰᠦᠳᠡᠨ ‍ᠤ ᠰᠤᠷ ‍ᠤᠨ ᠬᠤᠯᠪᠤᠭᠠᠨ ‍ᠤ ᠲᠦᠯᠦᠭᠡᠯᠡᠭᠴᠢᠳ ‍ᠤᠨ ᠪᠠᠭ ᠪᠤᠯᠤᠨ ᠶᠦᠨᠨᠠᠨ᠂ ᠠᠠᠾᠦ᠋ᠢ᠂ ᠾᠸᠪᠸᠢ᠂ ᠯᠢᠶᠤᠤᠨᠢᠡᠭ᠂ ᠭᠦᠭᠡᠨᠠᠭᠤᠷ ᠵᠡᠷᠭᠡ ᠮᠤᠵᠢ ᠶ᠋ᠢᠨ ᠲᠦᠯᠦᠭᠡᠯᠡᠭᠴᠢᠳ ‍ᠤᠨ ᠪᠠᠬ᠂ ᠦᠪᠦᠷ ᠮᠤᠡᠭᠭᠤᠯ ‍ᠤᠨ ᠭᠦᠯᠦᠨ ᠪᠤᠶᠢᠷ᠂ ᠪᠠᠶᠠᠠᠨᠠᠭᠤᠷ᠂ ᠤᠯᠠᠭᠠᠠᠬᠠᠳᠠ᠂ ᠰᠢᠯᠢ ᠶ᠋ᠢᠨ ᠭᠤᠤᠯ ᠵᠡᠷᠭᠡ ᠠᠶᠢᠮᠠᠭ ᠬᠤᠳᠠ ᠶ᠋ᠢᠨ ᠲᠦᠯᠦᠭᠡᠯᠡᠭᠴᠢᠳ ‍ᠤᠨ ᠪᠠᠬ ᠵᠡᠷᠭᠡ38 ᠲᠦᠯᠦᠭᠡᠯᠡᠭᠴᠢᠳ ‍ᠤᠨ ᠪᠠᠭ ᠤᠨ 300 ᠭᠠᠷᠤᠢ ᠲᠠᠮᠢᠷᠴᠢᠨ ᠤᠷᠤᠯᠴᠠᠵᠤ ᠡᠷᠡᠭᠡᠢ ᠮᠡᠷᠭᠡᠨ ᠢᠶᠡᠨ ᠭᠠᠶᠢᠬᠠᠭᠤᠯᠤᠨ᠎ᠠ᠂ ᠤᠷᠤᠯᠳᠤᠭᠠᠨ 10 ‍ᠤ ᠡᠳᠦᠷ ᠲᠡᠭᠦᠰᠭᠦ ᠪᠤᠯᠤᠨ᠎ᠠ᠃

ᠢᠷᠡᠯᠳᠡ᠄ ᠲᠦᠪ ᠲᠸᠯᠸᠢᠰ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121116995