蒙古文网站Logo
ᠰᠢᠨᠬᠤᠸᠠ ᠮᠤᠩᠭ᠋ᠤᠯ ᠨᠧᠲ

ᠭᠤᠷᠪᠠᠨ ᠌《ᠲᠡᠨᠡᠭ ᠠᠰᠠᠭᠤᠯᠳᠠ》 ᠡᠴᠡ ᠨᠠᠶᠢᠷ ᠨᠠᠭᠠᠳᠤᠮ ᠶᠠᠭᠠᠬᠢᠭᠠᠳ ᠦᠨᠢ ᠤᠳᠠᠭᠠᠨ ᠳᠡᠤᠬᠡᠨ ᠤᠯᠪᠠᠭ᠎ᠠ ᠲᠠᠢ ᠢᠷᠡᠭᠰᠡᠨ ᠢ ᠤᠶᠢᠯᠠᠭᠠᠶ᠎ᠠ

2017-07-04 16:09

    ᠰᠢᠨᠬᠤᠧᠠ ᠬᠤᠷᠢᠶ᠎ᠠ   ᠬᠦᠬᠡᠬᠤᠲᠠ ᠶᠢᠨ 6 ᠰᠠᠷ᠎ᠠ ᠶᠢᠨ 30 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠸᠠᠩ ᠴᠦᠨ ᠶᠠᠨ᠂ ᠰᠢᠶᠤᠤ ᠶᠠ ᠵᠦᠧᠧ) ᠨᠠᠶᠢᠷ ᠨᠠᠭᠠᠳᠤᠮ ᠦᠵᠡᠬᠦ ᠰᠠᠶᠢᠬᠠᠨ ᠤᠤ ? ᠪᠦᠬᠡ ᠪᠠᠷᠢᠯᠳᠤᠬᠤ ᠭᠤᠶᠤ ᠤᠤ? ᠮᠣᠷᠢ ᠤᠷᠤᠯᠳᠤᠬᠤ ᠰᠤᠨᠢᠷᠬᠠᠯᠲᠠᠢ ᠤᠤ ? ᠰᠤᠷ ᠬᠠᠷᠪᠤᠬᠤ ᠵᠤᠭ᠎ᠠ ᠲᠠᠢ ᠤᠤ ?

    ᠨᠠᠶᠢᠷ ᠨᠠᠭᠠᠳᠤᠮ ᠤᠨ ᠦᠶ᠎ᠠ ᠪᠡᠷ᠂ ᠨᠠᠷᠠᠨ ᠳᠤ ᠰᠢᠷᠠᠭᠳᠠᠵᠤ ᠪᠦᠲᠦᠨ ᠡᠳᠦᠷ ᠪᠦᠬᠡ ᠪᠠᠷᠢᠯᠳᠤᠬᠤ ᠶᠢ ᠦᠵᠡᠭᠰᠡᠨ ᠮᠠᠯᠴᠢᠨ ᠴᠤ ᠪᠤᠯᠤᠭ᠂ ᠳᠡᠳᠡᠬᠡᠷ ᠪᠡᠶ᠎ᠠ ᠪᠢᠯᠳᠡᠷ ᠦᠨᠳᠦᠷ ᠪᠤᠵᠠᠭᠠᠢ ᠪᠦᠬᠡᠴᠢᠨ ᠴᠤ ᠪᠤᠯᠤᠭ᠂ ᠮᠣᠩᠭ᠋ᠤᠯ ᠮᠣᠷᠢ ᠪᠡᠨ ᠤᠨᠤᠵᠤ ᠤᠷᠤᠯᠳᠤᠭᠠᠨ ᠳᠤ ᠤᠷᠤᠯᠴᠠᠭᠰᠠᠨ ᠤᠨᠤᠭᠠᠴᠢ ᠴᠤ ᠪᠤᠯᠤᠭ᠂ ᠡᠰᠡᠭᠦᠯ᠎ᠠ ᠤᠯᠠᠮᠵᠢᠯᠠᠯᠲᠤ ᠰᠤᠷ ᠬᠠᠷᠪᠤᠯᠲᠠ ᠶᠢᠨ ᠲᠡᠮᠡᠴᠡᠭᠡᠨ ᠳᠤ ᠤᠷᠤᠯᠴᠠᠭᠰᠠᠨ ᠬᠠᠷᠪᠤᠭᠠᠴᠢ ᠡᠴᠡ ᠡᠳᠡᠭᠡᠷ ᠠᠰᠠᠭᠤᠯᠳᠠ ᠶᠢ ᠠᠰᠠᠭᠤᠪᠠᠯ《ᠰᠠᠶᠢᠬᠠᠨ᠂ ᠰᠤᠨᠢᠷᠬᠠᠯᠲᠠᠢ》ᠬᠡᠬᠦ ᠬᠠᠷᠢᠭᠤᠯᠲᠠ ᠶᠢ ᠯᠠ ᠤᠯᠳᠠᠭ᠃

    ᠡᠨᠡ ᠦᠶ᠎ᠡ ᠳᠤ᠂ ᠳᠡᠳᠡᠨᠡᠷ ᠤᠨ ᠬᠠᠷᠠᠴᠠᠨ ᠡᠴᠡ 《ᠲᠠ ᠲᠠᠯ᠎ᠠ ᠨᠤᠲᠤᠭ  ᠡᠴᠡ ᠢᠷᠡᠭᠰᠡᠨ ᠮᠣᠩ᠋ᠭᠤᠯ ᠬᠦᠮᠦᠨ ᠪᠢᠰᠢ ᠪᠠᠶᠢᠬ᠎ᠠ ᠳ᠋ᠠ》ᠬᠡᠬᠦ ᠦᠬᠡ ᠤᠩᠰᠢᠭᠳᠠᠨ᠎ᠠ᠃

    ᠲᠡᠶᠢᠮᠦ ᠡ! ᠬᠢᠲᠠᠳ ᠦᠨᠳᠦᠰᠦᠲᠠᠨ ᠤ ᠰᠤᠷᠪᠤᠯᠵᠢᠯᠠᠬᠴᠢ ᠪᠤᠯᠤᠭᠰᠠᠨ ᠤ ᠬᠤᠪᠢ ᠳᠤ᠂ ᠥᠪᠦᠷ ᠮᠣᠩ᠋ᠭᠤᠯ ᠤᠨ ᠥᠪᠡᠷᠲᠡᠭᠡᠨ ᠵᠠᠰᠠᠬᠤ ᠤᠷᠤᠨ ᠤ ᠰᠢᠯᠤᠭᠤᠨ ᠬᠦᠬᠡ ᠬᠤᠰᠢᠭᠤᠨ ᠤ ᠰᠠᠶᠢᠨᠬᠤᠳᠳᠤᠭ ᠰᠤᠮᠦᠨ ᠤ ᠳᠦᠷᠪᠡᠳᠤᠭᠡᠷ ᠬᠤᠭᠤᠴᠠᠭᠠᠨ ᠤ ᠶᠡᠬᠡ ᠨᠠᠭᠠᠳᠤᠮ ᠳᠤ ᠤᠷᠤᠯᠴᠠᠬᠤ ᠳᠤ ᠪᠡᠨ᠂ ᠳᠡᠳᠡᠨᠦᠰ ᠤᠨ ᠪᠤᠳᠤᠯ ᠳ᠋ᠡᠬᠢ ᠡᠳᠡᠬᠡᠷ《ᠲᠡᠨᠡᠭ ᠠᠰᠠᠭᠤᠯᠳᠠ》 ᠶ᠋ᠢ ᠳᠤᠷᠠᠳᠤᠭᠠᠳ ᠯᠡ ᠰᠠᠶ᠊ᠢ ᠲᠠᠯ᠎ᠠ ᠨᠤᠲᠤᠭ ᠲᠤ 800 ᠭᠠᠷᠤᠢ ᠵᠢᠯ ᠤᠨ ᠳᠤᠷᠰᠢ ᠤᠯᠠᠮᠵᠢᠯᠠᠨ ᠳᠡᠯᠭᠡᠷᠡᠭᠰᠡᠨ ᠡᠨᠡᠬᠦ ᠦᠪᠡᠳᠡᠭᠰᠢ ᠴᠤᠭᠯᠠᠭᠠᠨ ᠢ ᠥᠢᠯᠡᠭᠠᠵᠤ᠂ ᠮᠣᠩ᠋ᠭᠤᠯ ᠦᠨᠳᠦᠰᠦᠲᠠᠨ ᠤ ᠢᠷᠭᠡᠳ ᠤᠨ ᠲᠠᠯ᠎ᠠ ᠨᠤᠲᠤᠭ ᠬᠢᠬᠡᠳ 《ᠡᠷ᠎ᠠ ᠶᠢᠨ ᠭᠤᠷᠪᠠᠨ ᠨᠠᠭᠠᠳᠤᠮ》 ᠳᠤ ᠪᠡᠨ ᠬᠡᠴᠢᠨᠡᠨ ᠬᠠᠶᠢᠷᠠᠳᠠᠢ ᠬᠡᠰᠡᠨ ᠢ ᠪᠠᠭ᠎ᠠ ᠰᠠᠭ᠎ᠠ ᠴᠤ ᠮᠡᠳᠡᠷᠡᠭᠰᠡᠨ ᠰᠠᠨ᠃

    《ᠡᠨᠡ ᠪᠤᠯ ᠮᠠᠨ ᠤ ᠦᠨᠳᠦᠰᠦᠳᠡᠨ ᠤ ᠤᠯᠠᠮᠵᠢᠯᠠᠯᠳᠤ ᠰᠤᠶᠤᠯ   ᠪᠤᠯᠪᠠᠰᠤᠷᠠᠶ᠎ᠠ ᠬᠡᠵᠤ ᠪᠤᠳᠤᠪᠠᠯ ᠪᠤᠯᠪᠠᠰᠤᠷᠠᠴᠢᠬᠠᠨ᠎ᠠ》

    ᠠᠩᠬ᠎ᠠ ᠤᠳᠠᠭ᠎ᠠ ᠦᠪᠡᠷ ᠢᠶᠡᠨ《ᠳᠡᠨᠡᠭ》ᠠᠰᠠᠭᠤᠯᠳᠠ ᠠᠰᠠᠭᠤᠭᠰᠠᠨ ᠢᠶᠡᠨ ᠤᠯᠵᠤ ᠮᠡᠳᠡᠭᠰᠡᠨ ᠮᠠᠨᠢ 44 ᠨᠠᠰᠤᠲᠠᠢ ᠪᠤᠷᠤ ᠶᠢ ᠰᠤᠷᠪᠤᠯᠵᠢᠯᠠᠭᠰᠠᠨ ᠳᠡᠷᠡ ᠤᠳᠠᠭ᠎ᠠ ᠰᠠᠨ᠃

    《ᠲᠠ ᠶᠠᠭᠠᠬᠢᠭᠠᠳ ᠰᠤᠷ ᠬᠠᠷᠪᠤᠬᠤ ᠶᠢ ᠪᠤᠯᠪᠠᠰᠤᠷᠠᠶ᠎ᠠ ᠬᠡᠵᠤ ᠪᠤᠳᠤᠭᠰᠠᠨ ᠪᠤᠢ?》

    《ᠡᠬᠦᠨ ᠢ ᠪᠠᠰᠠ ᠪᠤᠳᠤᠬᠤ ᠴᠢᠬᠤᠯᠠ ᠪᠠᠶᠢᠨ᠎ᠠ ᠤᠤ? ᠪᠤᠯᠪᠠᠰᠤᠷᠠᠶ᠎ᠠ ᠬᠡᠪᠡᠯ ᠪᠤᠯᠪᠠᠰᠤᠷᠠᠴᠢᠬᠠᠨ᠎ᠠ ᠰᠢᠳᠡ᠂ ᠡᠨᠡ ᠪᠤᠯ ᠮᠤᠩᠭᠤᠯ ᠦᠨᠳᠦᠰᠦᠳᠡᠨ ᠤ〈ᠡᠷ᠎ᠡ ᠶᠢᠨ ᠭᠤᠷᠪᠠᠨ ᠨᠠᠭᠠᠳᠤᠮ〉 ᠤᠨ ᠨᠢᠬᠡ᠂ ᠤᠯᠠᠮᠵᠢᠯᠠᠯᠳᠤ ᠰᠤᠶᠤᠯ ᠤᠴᠢᠷ ᠡᠴᠡ ᠤᠬᠠᠭᠤᠯᠬᠤ᠂ ᠬᠠᠮᠠᠭᠠᠯᠠᠬᠤ ᠴᠢᠬᠤᠯᠠᠳᠠᠢ᠂ ᠡᠶᠢᠮᠤ ᠡᠴᠡ ᠪᠤᠯᠪᠠᠰᠤᠷᠠᠨ᠎ᠠ ᠰᠢᠳᠡ》ᠭᠡᠵᠤ ᠪᠤᠷᠤ ᠶᠠᠷᠢᠵᠠᠢ᠃

    ᠪᠤᠷᠤ ᠨᠠᠮᠬᠠᠨ ᠪᠡᠶ᠎ᠡ ᠲᠠᠢ᠂ ᠬᠦᠳᠡᠷᠯᠢᠭ᠂ ᠵᠠᠯᠠᠭᠤ ᠳᠠᠭᠠᠨ ᠪᠦᠬᠡᠴᠢᠨ ᠪᠠᠶᠢᠭᠰᠠᠨ᠂ 40 ᠨᠠᠰᠤᠨ ᠡᠴᠡ ᠪᠠᠨ ᠡᠬᠢᠯᠡᠨ ᠳᠤᠰᠬᠠᠶᠢᠯᠠᠨ ᠰᠤᠷ ᠬᠠᠷᠪᠤᠬᠤ ᠶᠢ ᠪᠤᠯᠪᠠᠰᠤᠷᠠᠵᠤ ᠠᠭᠠᠵᠢᠮ ᠢᠶᠡᠷ ᠡᠬᠦᠨ ᠳᠤ ᠳᠤᠷ᠎ᠠ ᠪᠠᠬᠠᠳᠠᠢ ᠪᠤᠯᠵᠠᠢ᠃ ᠲᠡᠬᠦᠨ ᠤ ᠦᠵᠡᠬᠦ ᠪᠡᠷ᠂《ᠡᠷ᠎ᠡ ᠶᠢᠨ ᠭᠤᠷᠪᠠᠨ ᠨᠠᠭᠠᠳᠤᠮ》ᠪᠤᠯ ᠦᠨᠳᠦᠰᠦᠳᠡᠨ ᠤ ᠤᠯᠠᠮᠵᠢᠯᠠᠯᠳᠤ ᠰᠤᠶᠤᠯ᠂ ᠨᠠᠰᠤ ᠠᠬᠢᠭᠠᠳ ᠪᠦᠬᠡ ᠪᠠᠷᠢᠯᠳᠤᠵᠤ ᠲᠡᠶᠢᠯᠬᠦ ᠦᠭᠡᠢ ᠪᠤᠯᠪᠠᠯ ᠰᠤᠷ ᠬᠠᠷᠪᠤᠵᠤ ᠪᠤᠯᠤᠨ᠎ᠠ᠃

    ᠰᠤᠷ ᠬᠠᠷᠪᠤᠬᠤ ᠨᠢ ᠪᠡᠶ᠎ᠡ ᠳᠤ ᠰᠠᠶᠢᠨ ᠡᠰᠡᠬᠦ ᠲᠠᠯ᠎ᠠ ᠪᠡᠷ ᠰᠤᠨᠢᠷᠬᠠᠬᠤ ᠳᠤ ᠪᠤᠷᠤ᠄《ᠠᠭᠤᠵᠢᠭᠤ ᠳᠤᠳᠤᠷ ᠦᠬᠡᠢ ᠪᠤᠯ ᠵᠦᠪ ᠤᠨᠢᠯᠠᠵᠤ ᠴᠢᠳᠠᠬᠤ ᠦᠭᠡᠢ᠂ ᠤᠨᠤᠭᠠᠵᠤ ᠴᠢᠳᠠᠬᠤ ᠦᠭᠡᠢ᠂ ᠲᠠᠶᠢᠪᠤᠭᠤᠨ ᠪᠠᠢᠢᠪᠠᠯ ᠰᠠᠶ᠊ᠢ ᠰᠠᠶᠢᠨ ᠤᠨᠤᠭᠠᠵᠤ ᠲᠡᠶᠢᠯᠦᠨ᠎ᠡ》ᠬᠡᠳ ᠬᠡᠨᠡᠳᠳᠡ ᠰᠤᠷᠪᠤᠯᠵᠢᠯᠠᠭᠴᠢ ᠵᠢᠭᠠᠬᠠᠨ ᠮᠠᠷᠢᠶ᠎ᠠ ᠲᠠᠢ ᠶᠢ ᠤᠯᠵᠤ ᠬᠠᠷᠠᠭᠰᠠᠨ ᠪᠤᠯᠤᠯᠳᠠᠢ᠂ ᠵᠠᠯᠭᠠᠭᠠᠳ᠄《ᠪᠦᠰᠡᠬᠦᠶᠢᠴᠤᠳ ᠡᠬᠦᠨ ᠢ ᠪᠤᠯᠪᠠᠰᠤᠷᠠᠪᠠᠯ ᠲᠤᠷᠠᠬᠤ ᠮᠦᠷᠳᠡᠬᠡᠨ ᠵᠢᠰᠦ ᠨᠢ ᠭᠤᠶᠤ ᠪᠤᠯᠤᠨ᠎ᠠ ᠰᠢᠤ》ᠬᠡᠵᠤ ᠨᠦᠬᠦᠪᠦᠷᠢᠯᠡᠵᠤ ᠶᠠᠷᠢᠯ᠎ᠠ᠃

    ᠪᠤᠷᠤ ᠶᠢᠨ ᠤᠷᠤᠯᠴᠠᠵᠤ ᠪᠠᠶᠢᠭ᠎ᠠ ᠰᠤᠷ ᠬᠠᠷᠪᠤᠯᠳᠠ ᠶᠢᠨ ᠨᠡᠶᠢᠬᠡᠮᠯᠢᠭ᠌ ᠤᠨ ᠬᠢᠨ ᠲᠤᠬᠠᠢ ᠶᠢᠨ ᠭᠠᠵᠠᠷ ᠤᠨ ᠲᠤᠮᠳᠠᠳᠤ ᠰᠤᠷᠭᠠᠭᠤᠯᠢ ᠶᠢᠨ ᠳᠠᠮᠢᠷ ᠤᠨ ᠲᠠᠯᠠᠪᠤᠷ ᠢ ᠠᠰᠢᠭᠯᠠᠨ ᠠᠵᠢᠯᠯᠠᠬᠤ ᠡᠳᠦᠷ ᠤᠨ ᠦᠷᠯᠦᠬᠡ ᠤᠷᠤᠢ ᠪᠤᠶᠤ ᠭᠠᠷᠠᠭ ᠤᠨ ᠠᠮᠠᠷᠠᠯᠳᠠ ᠪᠡᠷ ᠪᠤᠯᠪᠠᠰᠤᠷᠠᠬᠤ ᠦᠶ᠎ᠡ ᠳᠤ᠂ ᠰᠤᠷᠭᠠᠭᠤᠯᠢ ᠶᠢᠨ ᠰᠤᠷᠤᠭᠴᠢᠳ ᠪᠠᠰᠠ ᠢᠷᠡᠵᠤ ᠰᠤᠨᠢᠷᠬᠠᠨ᠂ ᠰᠤᠷ ᠬᠠᠷᠪᠤᠬᠤ ᠶᠢ ᠰᠤᠷᠳᠠᠭ ᠪᠠᠶᠢᠯ᠎ᠠ᠃

    《ᠰᠤᠷᠤᠭᠴᠢᠳ ᠪᠦᠷ ᠡᠨᠡ ᠨᠠᠭᠠᠳᠤᠮ ᠳᠤ ᠪᠠᠬᠠᠳᠠᠢ ᠪᠠᠶᠢᠳᠠᠭ᠂ ᠰᠢᠯᠤᠭᠤᠨ ᠬᠦᠬᠡ ᠬᠤᠰᠢᠭᠤᠨ ᠤ ᠤᠯᠠᠨ ᠰᠤᠷᠭᠠᠭᠤᠯᠢ ᠡᠨᠡᠬᠦ ᠨᠠᠭᠠᠳᠤᠮ ᠢ ᠦᠷᠨᠢᠬᠦᠯᠵᠤ᠂ ᠡᠮᠡᠭᠲᠡᠢ ᠶᠢᠨ ᠬᠠᠷᠪᠤᠯᠳᠠ ᠳᠤ 20 ᠮᠧᠲ᠋ᠷ᠂ ᠡᠷᠡᠭᠲᠡᠢ ᠶᠢᠨ ᠬᠠᠷᠪᠤᠯᠳᠠ ᠳᠤ 30 ᠮᠧᠲ᠋ᠷ ᠵᠠᠢ ᠲᠠᠢ ᠳᠤᠬᠢᠷᠠᠭᠤᠯᠵᠤ ᠪᠤᠢ᠃ ᠤᠴᠢᠷ ᠨᠢ ᠠᠷᠪᠠᠨ ᠲᠦᠷᠪᠡ ᠲᠠᠪᠤᠨ ᠨᠠᠰᠤᠨ ᠤ ᠬᠡᠦᠬᠡᠨᠴᠤᠳ ᠲᠤ ᠠᠪᠴᠤ ᠬᠡᠯᠡᠪᠡᠯ ᠵᠠᠢ ᠨᠢ ᠬᠤᠯᠠ ᠪᠤᠯᠪᠠᠯ ᠨᠤᠮᠤ ᠪᠡᠨ ᠳᠡᠯᠡᠵᠤ ᠲᠡᠶᠢᠯᠬᠦ ᠦᠭᠡᠢ ᠪᠤᠯᠴᠢᠬᠠᠨ᠎ᠠ 》ᠬᠡᠭ᠍ᠰᠡᠬᠡᠷ ᠪᠤᠷᠤ ᠨᠠᠭᠠᠳᠤᠮ ᠤᠨ ᠲᠠᠯᠠᠪᠤᠷ ᠲᠡᠬᠢ ᠫᠠᠢ ᠶᠢ ᠵᠢᠭᠠᠵᠤ᠄《ᠳᠡᠷᠡ ᠬᠦᠷᠳᠡᠯ᠎ᠡ 20 ᠮᠧᠲ᠋ᠷ᠂ ᠲᠡᠮᠡᠴᠡᠬᠡᠨ ᠳᠤ ᠨᠡᠷ᠎ᠡ ᠪᠦᠷᠢᠳᠬᠡᠬᠦᠯᠦᠭᠰᠡᠨ ᠦᠭᠡᠢ ᠬᠦᠮᠦᠰ ᠴᠤ ᠪᠦᠷ ᠲᠤᠷᠰᠢᠵᠤ ᠪᠤᠯᠤᠨ᠎ᠠ》ᠬᠡᠯ᠎ᠡ᠃

    ᠪᠠᠭ᠎ᠠ ᠡᠴᠡ ᠪᠡᠨ ᠪᠦᠬᠡ ᠪᠠᠷᠢᠯᠳᠤᠳᠠᠭ   ᠬᠡᠵᠢᠶ᠎ᠠ ᠴᠤ ᠪᠠᠷᠢᠯᠳᠤᠵᠤ ᠪᠤᠯᠤᠨ᠎ᠠ

    ᠬᠤᠶᠠᠳᠤᠭᠠᠷ《ᠲᠡᠨᠡᠭ ᠠᠰᠠᠭᠤᠯᠳᠠ》 ᠪᠡᠨ 30 ᠨᠠᠰᠤᠲᠠᠢ ᠪᠦᠬᠡᠴᠢᠨ ᠲᠤᠯᠭᠠᠭᠤᠷᠢ ᠡᠴᠡ ᠠᠰᠠᠭᠤᠯ᠎ᠠ᠄《ᠲᠠ ᠪᠦᠬᠡ ᠶᠢᠨ ᠲᠡᠮᠡᠴᠡᠭᠡᠨ ᠳᠤ ᠤᠷᠤᠯᠴᠠᠭᠠᠳ ᠬᠡᠳᠤᠢ ᠵᠢᠯ ᠪᠤᠯᠵᠤ ᠪᠠᠶᠢᠨ᠎ᠠ ᠪᠤᠢ ?》

    ᠰᠤᠷᠪᠤᠯᠵᠢᠯᠠᠬᠴᠢ ᠶᠢᠨ ᠠᠰᠠᠭᠤᠯᠳᠠ ᠶᠢ ᠰᠤᠨᠤᠰᠤᠭᠠᠳ ᠲᠤᠯᠭᠠᠭᠤᠷᠢ ᠨᠢᠳᠦ ᠪᠡᠨ ᠪᠦᠯᠳᠡᠶᠢᠬᠡᠵᠤ᠂ ᠮᠠᠰᠢ ᠤᠶᠢᠯᠠᠭᠠᠵᠤ ᠶᠠᠳᠠᠭᠰᠠᠨ ᠪᠠᠶᠢᠳᠠᠯ ᠲᠠᠢ ᠪᠡᠷ᠄《ᠬᠠᠷᠠᠬᠠᠨ ᠪᠠᠭ᠎ᠠ ᠡᠴᠡ ᠪᠠᠨ ᠤᠷᠤᠯᠴᠠᠬᠰᠠᠨ᠂ ᠬᠡᠵᠢᠶ᠎ᠠ ᠴᠤ ᠬᠡᠰᠡᠨ ᠤᠷᠤᠯᠴᠠᠵᠤ ᠪᠤᠯᠤᠨ᠎ᠠ》ᠬᠡᠯ᠎ᠠ᠃

    ᠨᠠᠭᠠᠳᠤᠮ ᠢᠶᠡᠷ᠂ ᠨᠠᠰᠤᠨ ᠳᠤ ᠬᠦᠷᠦᠭᠰᠡᠳ ᠤᠨ ᠪᠠᠭ ᠤᠨ ᠲᠡᠮᠡᠴᠡᠭᠡᠨ ᠡᠴᠡ ᠭᠠᠳᠠᠨ᠎ᠠ ᠪᠠᠰᠠ ᠬᠡᠤᠬᠡᠳ ᠤᠨ ᠪᠠᠭ ᠪᠠ ᠨᠠᠰᠤᠲᠠᠶᠢᠴᠤᠳ ᠤᠨ ᠪᠠᠭ ᠤᠨ ᠲᠡᠮᠡᠴᠡᠭᠡᠨ ᠪᠠᠶᠢᠳᠠᠭ᠃ ᠲᠡᠮᠡᠴᠡᠭᠡᠨ ᠨᠢ ᠬᠦᠨᠳᠦ ᠶᠢᠨ ᠵᠢᠩ ᠢᠶᠡᠷ ᠬᠤᠪᠢᠶᠠᠷᠢᠯᠠᠬᠤ ᠦᠬᠡᠢ᠂ ᠡᠶᠢᠮᠦ ᠡᠴᠡ ᠪᠡᠶ᠎ᠠ ᠪᠢᠯᠳᠡᠷ ᠶᠡᠬᠡ ᠪᠠᠭ᠎ᠠ᠂ ᠦᠨᠳᠦᠷ ᠪᠤᠭᠤᠨᠢ᠂ ᠬᠦᠨᠳᠦ ᠬᠦᠩᠬᠡᠨ ᠶᠠᠮᠠᠷ ᠪᠠᠶᠢᠭᠰᠠᠨ ᠴᠤ ᠴᠦᠮ ᠨᠢᠬᠡᠨ ᠤ ᠪᠡᠨ ᠦᠷᠢᠰᠦᠯᠳᠦᠭᠴᠢ ᠪᠤᠯᠵᠤ ᠪᠤᠯᠤᠨ᠎ᠠ᠃ ᠬᠡᠷ ᠤᠨ ᠠᠬᠠᠮᠠᠳ ᠢᠶᠡᠨ ᠳᠠᠭᠠᠵᠤ ᠨᠠᠭᠠᠳᠤᠮ ᠦᠵᠡᠬᠦ ᠪᠡᠷ ᠢᠷᠡᠭᠰᠡᠨ ᠬᠡᠤᠬᠡᠳ ᠤᠳ ᠪᠠᠷᠢᠯᠳᠤᠶ᠎ᠠ ᠬᠡᠵᠤ ᠰᠠᠨᠠᠪᠠᠯ ᠳᠤᠤᠷ᠎ᠠ ᠨᠢ ᠨᠡᠷ᠎ᠠ ᠮᠡᠳᠡᠭᠦᠯᠦᠨ ᠤᠷᠤᠯᠴᠠᠵᠤ ᠪᠤᠯᠤᠨ᠎ᠠ᠂ ᠶᠠᠭ ᠬᠤᠲᠠ ᠶᠢᠨ ᠬᠡᠤᠬᠡᠳ ᠤᠳ ᠴᠡᠩᠬᠡᠯ ᠤᠨ ᠤᠷᠳᠤᠨ ᠳᠤ ᠭᠤᠯᠭᠤᠭᠤᠷ ᠨᠠᠭᠠᠳᠬᠤ ᠪᠤᠶᠤ ᠮᠦᠷᠬᠦᠯᠳᠦᠬᠦᠷ ᠳᠡᠷᠬᠡ ᠨᠠᠭᠠᠳᠬᠤ ᠲᠠᠢ ᠠᠳᠠᠯᠢ᠃ ᠲᠤᠯᠭᠠᠭᠤᠷᠢ ᠬᠦᠵᠦᠬᠦᠨ ᠳᠤ ᠪᠠᠨ ᠲᠠᠪᠤᠨ ᠦᠩᠬᠡ ᠶᠢᠨ ᠲᠤᠷᠭ᠎ᠠ ᠪᠡᠷ ᠬᠦᠷᠦᠭᠰᠡᠨ《ᠵᠠᠩᠬᠢᠶ᠎ᠠ》 ᠵᠡᠬᠦᠵᠤ᠂ ᠲᠡᠭᠡᠷ᠎ᠡ ᠨᠢ ᠪᠠᠰᠠ ᠤᠯᠠᠨ ᠦᠩᠬᠡ ᠶᠢᠨ ᠭ᠍ᠭᠢᠪ ᠵᠠᠩᠬᠢᠳᠴᠠᠢ᠃ ᠡᠬᠦᠨ ᠢ ᠪᠦᠬᠡᠴᠢᠨ ᠬᠦᠮᠦᠨ ᠪᠦᠬᠦᠨ ᠤᠯᠵᠤ ᠵᠡᠬᠦᠳᠡᠭ ᠪᠢᠰᠢ᠃

    《256 ᠪᠦᠬᠡ ᠶᠢᠨ ᠲᠡᠮᠡᠴᠡᠬᠡᠨ ᠤ ᠠᠪᠤᠷᠭᠤ ᠡᠰᠡᠪᠡᠯ 128 ᠪᠦᠬᠡ ᠶᠢᠨ ᠲᠡᠮᠡᠴᠡᠬᠡᠨ ᠤ ᠲᠦᠷᠪᠡ ᠤᠳᠠᠭ᠎ᠠ ᠶᠢᠨ ᠠᠪᠤᠷᠭᠤ ᠴᠤᠯᠠ ᠤᠯᠤᠭᠰᠠᠨ ᠳᠤᠬᠢᠶᠠᠯᠳᠤᠯ ᠳᠤ ᠰᠠᠶ᠊ᠢ ᠡᠨᠡ ᠵᠠᠩᠬᠢᠶ᠎ᠠ ᠶᠢ ᠵᠡᠬᠦᠬᠦ ᠡᠷᠬᠡ ᠲᠠᠢ᠃》ᠲᠤᠯᠭᠠᠭᠤᠷᠢ ᠶᠢᠨ ᠵᠠᠩᠬᠢᠶ᠎ᠠ ᠨᠢ 128 ᠪᠦᠬᠡ ᠲᠠᠢ ᠨᠠᠭᠠᠳᠤᠮ ᠳᠤ ᠲᠦᠷᠪᠡ ᠤᠳᠠᠭ᠎ᠠ ᠠᠪᠤᠷᠭᠤ ᠴᠤᠯᠠ ᠬᠦᠷᠳᠡᠭᠰᠡᠨ ᠡᠴᠡ ᠢᠷᠡᠯᠳᠡ ᠲᠠᠢ ᠠᠵᠢ᠃

    ᠲᠤᠯᠭᠠᠭᠤᠷᠢ ᠪᠦᠬᠡ ᠶᠢᠨ ᠲᠡᠮᠡᠴᠡᠬᠡᠨ ᠳᠤ ᠤᠷᠤᠬᠤ ᠲᠤᠷᠠᠳᠠᠢ᠂ ᠮᠦᠨ ᠨᠠᠭᠠᠳᠤᠮ ᠳᠤ ᠤᠷᠤᠯᠴᠠᠬᠤ ᠲᠤᠷᠠᠳᠠᠢ᠂ ᠤᠯᠠᠨ ᠪᠦᠬᠡᠴᠢᠨ ᠡᠶᠢᠮᠦ ᠯᠡ ᠪᠤᠳᠤᠯ ᠲᠠᠢ ᠪᠠᠶᠢᠬ᠎ᠠ᠃ 《ᠪᠢᠳᠡ ᠪᠠᠰᠠ ᠪᠤᠰᠤᠳ ᠬᠤᠰᠢᠭᠤ ᠰᠢᠶᠠᠨ ᠤ ᠨᠠᠭᠠᠳᠤᠮ ᠳᠤ ᠤᠷᠤᠳᠠᠭ᠂ ᠬᠠᠮᠢᠭ᠎ᠠ ᠨᠠᠭᠠᠳᠤᠮ ᠪᠠᠶᠢᠪᠠᠯ ᠲᠡᠨᠳᠡ ᠤᠴᠢᠳᠠᠭ᠃ ᠬᠤᠶᠠᠷ ᠮᠢᠩᠭᠠᠨ ᠭᠠᠵᠠᠷ ᠤᠨ ᠵᠠᠶᠢᠳᠠᠢ ᠬᠦᠯᠤᠨ ᠪᠤᠶᠢᠷ ᠲᠤ ᠨᠠᠭᠠᠳᠤᠮ ᠲᠠᠢ ᠴᠤ ᠬᠡᠰᠡᠨ ᠴᠠᠭ ᠲᠠᠢ ᠯᠡ ᠶᠤᠮ ᠪᠤᠯ ᠪᠢᠳᠡ ᠲᠦᠷᠪᠡ ᠲᠠᠪᠤᠭᠤᠯᠠ ᠨᠡᠶᠢᠯᠡᠬᠡᠳ ᠮᠠᠰᠢᠨ ᠲᠠᠢ ᠬᠦᠷᠦᠬᠡᠳ ᠤᠴᠢᠳᠠᠭ》ᠭᠡᠵᠤ ᠲᠤᠯᠭᠠᠭᠤᠷᠢ ᠶᠠᠷᠢᠯ᠎ᠠ᠃

    《ᠬᠡᠦᠬᠡᠳ ᠲᠤ ᠮᠤᠷᠢ ᠤᠨᠤᠬᠤ ᠶᠢ ᠶᠠᠭᠠᠬᠢᠵᠤ ᠵᠢᠭᠠᠨ᠎ᠠ? ᠮᠤᠷᠢᠨ ᠨᠢᠷᠤᠭᠤᠨ ᠲᠡᠭᠡᠷ᠎ᠡ ᠭᠠᠷᠭᠠᠭᠠᠳ ᠳᠠᠯᠪᠢᠪᠠᠯ ᠪᠤᠯᠴᠢᠬᠠᠨ᠎ᠠ》

    ᠲᠤᠭᠤᠭᠠᠨᠲᠡᠮᠦᠷ ᠬᠠᠢᠢᠷᠠᠳᠠᠢ ᠬᠦᠯᠦᠭ《ᠬᠢᠯᠪᠡᠬᠡᠨ》  ᠢ᠋ᠶᠡᠨ ᠠᠪᠴᠢᠷᠠᠵᠤ 5 ᠴᠠᠭᠠᠷᠢᠭ ᠤᠨ ᠵᠢᠷᠤᠭ᠎ᠠ ᠮᠤᠷᠢᠨ ᠤ ᠤᠷᠤᠯᠳᠤᠭᠠᠨ ᠳᠤ ᠤᠷᠤᠯᠴᠠᠭᠤᠯᠤᠭᠠᠳ ᠲᠦᠷᠪᠡᠳᠤᠬᠡᠷ ᠪᠠᠶᠢᠷᠢᠨ ᠳᠤ ᠳᠤᠳᠤᠷᠠᠵᠠᠢ᠃ ᠤᠷᠤᠯᠳᠤᠭᠠᠨ ᠳᠤ ᠤᠷᠤᠭᠰᠠᠨ《ᠬᠢᠯᠪᠡᠬᠡᠨ》 ᠤ ᠪᠦᠬᠦ ᠪᠡᠶ᠎ᠡ ᠡᠴᠡ ᠨᠢ ᠬᠦᠯᠦᠰᠤ ᠳᠠᠭᠠᠪᠤᠷᠢᠯᠠᠵᠤ ᠪᠠᠶᠢᠯ᠎ᠠ᠃ ᠲᠤᠭᠤᠭᠠᠨᠲᠡᠮᠦᠷ《ᠬᠢᠯᠪᠡᠬᠡᠨ》 ᠢᠶᠡᠨ ᠪᠦᠰᠡᠬᠦᠢ ᠳᠡᠬᠡᠨ ᠦᠭᠴᠦ ᠠᠯᠬᠤᠭᠤᠯᠤᠨ ᠬᠦᠯᠦᠰᠦ ᠶᠢ ᠨᠢ ᠰᠡᠪᠬᠢᠬᠦᠯᠬᠦ ᠵᠠᠭᠤᠷ᠎ᠠ ᠪᠢᠳᠡᠨ ᠤ ᠰᠤᠷᠪᠤᠯᠵᠢᠯᠠᠭ᠎ᠠ ᠶᠢ ᠬᠦᠯᠢᠶᠡᠯ᠎ᠠ᠃

    ᠵᠢᠷᠤᠭ᠎ᠠ ᠮᠤᠷᠢ ᠶᠠᠭᠤᠨ ᠤ ᠡᠮᠦᠨ᠎ᠡ ᠲᠦᠷᠪᠡᠨ ᠳᠤᠭᠤᠷᠠᠢ ᠨᠢ ᠵᠡᠷᠬᠡ ᠪᠡᠷ ᠭᠠᠵᠠᠷ ᠡᠴᠡ ᠰᠠᠯᠵᠤ ᠪᠤᠯᠬᠤ ᠦᠭᠡᠢ᠂ ᠡᠰᠡᠪᠡᠯ ᠲᠦᠷᠢᠮ ᠡᠴᠡ ᠵᠦᠷᠢᠴᠡᠨ᠎ᠡ᠂ ᠬᠦᠩᠬᠡᠨ ᠠᠲ᠋ᠯᠧᠲ᠋ᠢᠺ ᠤᠨ ᠠᠯᠬᠤᠭ᠎ᠠ ᠤᠷᠤᠯᠳᠤᠭᠠᠨ ᠲᠠᠢ ᠠᠳᠠᠯᠢᠬᠠᠨ᠃ ᠤᠷᠤᠯᠳᠤᠭᠠᠨ ᠢᠶᠡᠷ ᠤᠨᠤᠭᠠᠴᠢ ᠳᠤ ᠳᠠᠯᠪᠢᠬᠤ ᠱᠠᠭᠠᠷᠳᠠᠯᠭ᠎ᠠ ᠮᠤᠷᠢᠨ ᠡᠴᠡ ᠪᠠᠰᠠ ᠦᠨᠳᠤᠷ ᠪᠠᠶᠢᠳᠠᠭ᠂ ᠤᠨᠤᠭᠠᠴᠢ ᠨᠢ ᠮᠤᠷᠢ ᠪᠡᠨ ᠰᠠᠶᠢᠨ ᠮᠡᠳᠡᠵᠤ ᠮᠤᠷᠢ ᠨᠢ ᠴᠤ ᠤᠨᠤᠭᠠᠴᠢ ᠶᠢᠨ ᠰᠠᠨᠠᠭ᠎ᠠ ᠶᠢ ᠤᠶᠢᠯᠠᠭᠠᠭᠰᠠᠨ ᠪᠠᠶᠢᠬᠤ ᠬᠡᠷᠡᠭᠳᠡᠢ᠃ ᠤᠨᠤᠭᠠᠴᠢ ᠵᠢᠯᠤᠭᠤ᠂ ᠦᠬᠡ ᠬᠡᠯᠡ ᠪᠤᠯᠤᠨ ᠬᠠᠮᠵᠢᠯᠴᠠᠭ᠎ᠠ ᠪᠡᠷ ᠢᠶᠡᠨ ᠮᠤᠷᠢᠨ ᠤ ᠪᠠᠶᠢᠳᠠᠯ ᠢ ᠵᠤᠬᠢᠴᠠᠭᠤᠯᠵᠤ ᠳᠦᠷᠦᠯᠬᠢ ᠳᠠᠪᠬᠢᠭ᠎ᠠ ᠮᠤᠷᠢ ᠶᠢ ᠰᠠᠶᠢᠨ ᠡᠵᠡᠮᠳᠡᠬᠦ ᠬᠡᠷᠡᠭᠲᠡᠢ᠃

    《ᠵᠢᠷᠤᠭ᠎ᠠ ᠮᠤᠷᠢ ᠶᠢ ᠰᠤᠷᠭᠠᠬᠤ ᠳᠤ ᠬᠢᠯᠪᠠᠷ ᠪᠢᠰᠢ᠂ ᠬᠡᠳᠦᠷᠬᠡᠢ ᠪᠠᠭ᠎ᠠ ᠨᠠᠰᠤᠨ ᠡᠴᠡ ᠨᠢ ᠪᠠᠰᠠ ᠰᠤᠷᠭᠠᠵᠤ ᠪᠤᠯᠬᠤ ᠦᠭᠡᠢ᠃ ᠡᠨᠡ ᠮᠤᠷᠢ ᠶᠢ ᠰᠤᠶᠤᠭᠠᠯᠠᠩ ᠡᠴᠡ ᠨᠢ ᠡᠬᠢᠯᠡᠵᠤ ᠰᠤᠷᠭᠠᠭᠰᠠᠨ ᠶᠤᠮ᠃ ᠪᠢ ᠵᠢᠷᠤᠭ᠎ᠠ ᠮᠤᠷᠢᠨ ᠳᠤ ᠪᠠᠬᠠᠳᠠᠢ᠂ ᠭᠤᠤᠯᠳᠠᠭᠤ ᠦᠪᠡᠷ ᠢᠶᠡᠨ ᠤᠷᠤᠯᠳᠤᠭᠠᠨ ᠳᠤ ᠤᠷᠤᠯᠴᠠᠬᠤ ᠶᠢᠨ ᠲᠦᠯᠦᠬᠡ ᠰᠢᠳᠡ᠂ ᠬᠤᠷᠳᠤᠨ ᠮᠤᠷᠢᠨ ᠤ ᠤᠷᠤᠯᠳᠤᠭᠠᠨ ᠳᠤ ᠬᠡᠦᠬᠡᠳ ᠤᠨᠤᠭᠠᠴᠢ ᠶᠢ ᠯᠡ ᠤᠷᠤᠯᠴᠠᠭᠤᠯᠳᠠᠭ ᠶᠤᠮ ᠴᠢᠨᠢ》ᠭᠡᠵᠤ ᠲᠤᠭᠤᠭᠠᠨᠲᠡᠮᠦᠷ ᠶᠠᠷᠢᠯ᠎ᠡ᠃

    ᠬᠡᠳᠤᠶᠢᠪᠡᠷ ᠡᠨᠡ ᠨᠢ ᠤᠳᠤᠬᠢ ᠪᠤᠯᠪᠠᠰᠤᠨ ᠤ ᠲᠤᠭᠳᠠᠭᠠᠯ ᠳᠤ ᠨᠡᠶᠢᠴᠡᠬᠦ ᠦᠬᠡᠢ ᠪᠤᠯᠪᠠᠴᠤ ᠮᠤᠷᠢᠨ ᠤᠷᠤᠯᠳᠤᠭᠠᠨ ᠢ ᠤᠶᠢᠯᠠᠭᠠᠳᠠᠭ ᠬᠦᠮᠦᠰ ᠰᠠᠶᠢᠨ ᠮᠡᠳᠡᠳᠡᠭ᠂ ᠤᠨᠤᠭᠠᠴᠢ ᠨᠢ ᠬᠡᠳᠦᠢ ᠬᠦᠩᠬᠡᠨ ᠪᠤᠯ ᠮᠤᠷᠢᠨ ᠤ ᠬᠦᠶᠦᠬᠦ ᠨᠢ ᠳᠡᠳᠦᠢ ᠬᠤᠷᠳᠤᠨ᠂ ᠤᠨᠤᠭᠠᠴᠢ ᠶᠢᠨ ᠬᠦᠨᠳᠤ 90 ᠵᠢᠩ ᠬᠡᠳᠦᠷᠡᠪᠡᠯ ᠤᠷᠤᠯᠳᠤᠭᠠᠨ ᠳᠤ ᠤᠷᠤᠵᠤ ᠪᠤᠯᠳᠠᠭ ᠦᠭᠡᠢ᠃ ᠨᠠᠶ᠋ᠮᠠ ᠶᠢᠰᠦᠨ ᠨᠠᠰᠤᠨ ᠤ ᠵᠢᠭᠠᠯ ᠬᠡᠤᠬᠡᠳ ᠳᠠᠩᠳᠠ ᠪᠡᠨ ᠤᠨᠤᠭᠠᠴᠢ ᠪᠤᠯᠵᠤ ᠡᠮᠡᠬᠡᠯ ᠴᠤ ᠦᠭᠡᠢ ᠪᠡᠷ ᠤᠷᠤᠯᠳᠤᠭᠠᠨ ᠳᠤ ᠤᠷᠤᠯᠴᠠᠳᠠᠭ ᠨᠢ ᠡᠶᠢᠮᠤ ᠤᠴᠢᠷ ᠲᠠᠢ ᠠᠵᠢ᠃

    ᠬᠡᠦᠬᠡᠳ ᠲᠤ ᠮᠤᠷᠢ ᠤᠨᠤᠬᠤ ᠶᠢ ᠶᠠᠭᠠᠬᠢᠵᠤ ᠰᠤᠷᠭᠠᠳᠠᠭ ᠪᠤᠢ ᠬᠡᠰᠡᠨ ᠠᠰᠠᠭᠤᠯᠳᠠ ᠤᠨ ᠬᠠᠷᠢᠭᠤ ᠲᠤᠭᠤᠭᠠᠨᠲᠡᠮᠦᠷ ᠤᠨ ᠴᠢᠷᠠᠢ ᠶᠢᠨ ᠢᠯᠡᠷᠡᠯ ᠲᠤᠯᠭᠠᠭᠤᠷᠢ ᠲᠠᠢ ᠠᠳᠠᠯᠢᠬᠠᠨ ᠪᠠᠶᠢᠯ᠎ᠠ᠃ ᠲᠡᠬᠦᠨ ᠤ ᠢᠯᠡᠷᠡᠯ ᠮᠢᠨᠤ ᠲᠠᠭᠠᠮᠠᠭ ᠢ ᠬᠡᠷᠡᠴᠢᠯᠡᠵᠡᠢ᠄ ᠪᠢ ᠪᠠᠰᠠᠯᠠ《ᠳᠡᠨᠡᠭ》ᠠᠰᠠᠭᠤᠯᠳᠠ ᠳᠠᠯᠪᠢᠭᠰᠠᠨ ᠪᠠᠶᠢᠨ᠎ᠠ᠃

    《ᠶᠠᠭᠠᠬᠢᠵᠤ ᠰᠤᠷᠭᠠᠨ᠎ᠠ? ᠮᠤᠷᠢᠨ ᠤ ᠨᠢᠷᠤᠭᠤᠨ ᠲᠡᠭᠡᠷ᠎ᠡ ᠭᠠᠷᠭᠠᠭᠠᠳ ᠳᠠᠯᠪᠢᠪᠠᠯ ᠪᠤᠯᠴᠢᠬᠠᠨ᠎ᠠ ᠰᠢᠳᠡ᠃ ᠪᠢ ᠬᠤᠶᠠᠷ ᠦᠬᠢᠨ ᠲᠠᠢ᠂ ᠳᠡᠳᠡ ᠪᠦᠷ ᠮᠤᠷᠢ ᠤᠨᠤᠬᠤ ᠲᠤᠷᠠᠳᠠᠢ᠃ ᠵᠢᠭᠠᠬᠤ ᠴᠢᠬᠤᠯᠠ ᠦᠭᠡᠢ᠂ ᠦᠪᠡᠷ ᠢᠶᠡᠨ ᠤᠨᠤᠭᠠᠳ ᠴᠢᠳᠠᠴᠢᠬᠠᠨ᠎ᠠ᠃ ᠵᠢᠷᠭᠤᠭ᠎ᠠ ᠲᠤᠯᠤᠭ᠎ᠠ ᠨᠠᠰᠤᠯᠠᠮᠠᠭᠴᠠ ᠮᠤᠷᠢ ᠤᠨᠤᠵᠤ ᠤᠷᠤᠯᠳᠤᠭᠠᠨ ᠳᠤ ᠤᠷᠤᠯᠴᠠᠨ᠎ᠠ᠂ ᠬᠡᠬᠦ ᠳ᠋ᠡᠬᠡᠨ ᠵᠠᠪᠠᠯ ᠳᠦᠷᠦᠬᠦᠯᠡᠬᠦ ᠶᠢᠨ ᠲᠦᠯᠦᠬᠡ ᠪᠢᠰᠢ᠂ ᠭᠤᠤᠯ ᠨᠢ ᠤᠷᠤᠯᠴᠠᠬᠤ ᠳᠤ ᠪᠠᠶᠢᠳᠠᠬ》ᠭᠡᠵᠤ ᠲᠤᠭᠤᠭᠠᠨᠲᠡᠮᠦᠷ ᠶᠠᠷᠢᠵᠠᠢ᠃

    ᠲᠤᠭᠤᠭᠠᠨᠲᠡᠮᠦᠷ ᠤᠨ ᠬᠢ ᠨᠠᠭᠠᠳᠤᠮ ᠤᠨ ᠲᠠᠯᠠᠪᠤᠷ ᠡᠴᠡ 80 ᠭᠠᠵᠠᠷ ᠵᠠᠶᠢᠳᠠᠢ᠂ ᠮᠤᠷᠢ ᠪᠡᠷ ᠭᠤᠷᠪᠠᠨ ᠴᠠᠭ ᠶᠠᠪᠤᠳᠠᠭ᠃ ᠰᠤᠷᠪᠤᠯᠵᠢᠯᠠᠭᠴᠢ᠄《ᠡᠶᠢᠮᠤ ᠤᠳᠠᠭᠠᠨ ᠮᠤᠷᠢ ᠤᠨᠤᠭᠠᠳ ᠮᠠᠰᠢ ᠶᠠᠳᠠᠷᠠᠬᠤ ᠪᠠᠶᠢᠬ᠎ᠠ》ᠬᠡᠬᠦ ᠳᠤ ᠲᠤᠭᠤᠭᠠᠨᠲᠡᠮᠦᠷ᠄《ᠮᠤᠷᠢ ᠤᠨᠤᠬᠤ ᠶᠠᠭᠤᠨ ᠳᠤ ᠶᠠᠳᠠᠷᠠᠬᠤ ᠪᠤᠢ᠂ ᠬᠠᠷᠢᠨ ᠨᠢᠬᠡ ᠡᠳᠤᠷ ᠮᠤᠷᠢ ᠤᠯᠵᠤ ᠤᠨᠤᠬᠤ ᠦᠭᠡᠢ ᠪᠤᠯ ᠰᠠᠶ᠊ᠢ ᠶᠠᠳᠠᠷᠠᠨ᠎ᠠ ᠰᠢᠤ᠃ ᠡᠨᠡ ᠴᠢᠨᠢ ᠮᠢᠨᠤ〈ᠪᠤᠤᠮᠠ ᠲᠡᠷᠭᠡ〉ᠰᠢᠳᠡ》ᠬᠡᠵᠤ ᠱᠤᠭᠯᠢᠭᠬᠠᠨ ᠶᠠᠷᠢᠯ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121260122