蒙古文网站Logo
ᠰᠢᠨᠬᠤᠸᠠ ᠮᠤᠩᠭ᠋ᠤᠯ ᠨᠧᠲ

ᠤᠯᠤᠰ ‍ᠤᠨ ᠵᠠᠭᠤᠨ ᠬᠤᠳᠠ ᠶ᠋ᠢᠨ ᠲᠤᠭᠤᠢ ᠲᠡᠷᠭᠡᠨ ‍ᠤ ᠳᠡᠮᠡᠴᠡᠬᠡᠨ ᠵᠢᠴᠢ ᠲᠤᠭᠤᠢ ᠲᠡᠷᠭᠡᠨ ‍ᠤ ᠪᠠᠭᠠᠴᠤᠳ ‍ᠤᠨ ᠮᠠᠩᠯᠠᠢ ᠰᠢᠯᠭᠠᠷᠠᠭᠤᠯᠬᠤ ᠳᠡᠮᠡᠴᠡᠬᠡᠨ ᠰᠢᠯᠢᠩᠬᠤᠳᠠ ᠳ᠋ᠥ ᠡᠬᠢᠯᠡᠪᠡ

2017-07-16 16:26

    ᠰᠢᠨᠬᠤᠧᠠ ᠮᠤᠩ᠋ᠭᠤᠯ ᠨᠧᠲ  ᠬᠦᠬᠡᠬᠤᠳᠠ ᠶᠢᠨ 7 ᠰᠠᠷ᠎ᠠ ᠶᠢᠨ 16 ᠤ ᠡᠳᠦᠷ ᠤᠨ ᠴᠠᠬᠢᠯᠭᠠᠨ ᠮᠡᠳᠡᠬᠡ 15 ‍ᠤ ᠡᠳᠦᠷ ᠂ 2017 ᠤᠨ ‍ᠤ 22 ᠳ᠋ᠤᠭᠠᠷ ᠬᠤᠭᠤᠴᠠᠭᠠᠨ ‍ᠤ ᠤᠯᠠᠨ ᠤᠯᠤᠰ ‍ᠤᠨ ᠤᠯᠢᠮᠫᠢᠺ ‍ᠤᠨ ᠵᠦᠪᠯᠡᠯ ‍ᠤᠨ ᠲᠡᠷᠢᠭᠦᠯᠡᠭᠴᠢ ᠬᠤᠨᠳᠠᠭᠠᠳᠦ ᠤᠯᠤᠰ ᠲᠠᠶᠠᠭᠠᠷ ‍ᠤᠨ ᠵᠠᠭᠤᠨ ᠬᠤᠳᠠ ᠶ᠋ᠢᠨ ᠲᠤᠭᠤᠢ ᠲᠡᠷᠭᠡᠨ ‍ᠤ ᠳᠡᠮᠡᠴᠡᠬᠡᠨ ‍ᠤ (ᠤᠮᠠᠷᠠᠳᠦ ᠤᠷᠤᠨ ‍ᠤ ᠪᠡᠯᠡᠳᠭᠡᠯ ᠳᠡᠮᠡᠴᠡᠬᠡᠨ) ᠰᠢᠯᠢᠩᠬᠤᠳᠠ ᠦᠷᠳᠡᠭᠡ ᠵᠢᠴᠢ 2017 ᠤᠨ ‍ᠤ ᠤᠯᠤᠰ ᠲᠠᠶᠠᠭᠠᠷ ‍ᠤᠨ ᠠᠦ᠋ᠲ᠋ᠣ᠋ ᠵᠠᠮ ‍ᠤᠨ ᠪᠠᠭᠠᠴᠤᠳ ‍ᠤᠨ ᠲᠤᠭᠤᠢ ᠲᠡᠷᠭᠡᠨ ‍ᠤ ᠮᠠᠩᠯᠠᠢ ᠰᠢᠯᠭᠠᠷᠠᠭᠤᠯᠬᠤ ᠳᠡᠮᠡᠴᠡᠬᠡᠨ ᠦᠪᠦᠷ ᠮᠤᠩ᠋ᠭᠤᠯ ‍ᠤᠨ ᠰᠢᠯᠢᠩᠬᠤᠳᠠ ᠳ᠋ᠥ ᠡᠬᠢᠯᠡᠵᠦ᠂ ᠬᠤᠶᠠᠷ ᠡᠳᠦᠷ ‍ᠤᠨ ᠬᠤᠭᠤᠴᠠᠭ᠎ᠠ ᠲᠠᠢ ᠶᠠᠪᠤᠬᠳᠠᠬᠤ ᠪᠡᠷ ᠪᠤᠯᠤᠯ᠎ᠠ᠃

    ᠳᠡᠮᠡᠴᠡᠬᠡᠨ ᠳ᠋ᠥ ᠪᠡᠭᠡᠵᠢᠩ᠂ ᠱᠠᠩᠬᠠᠢ᠂ ᠬᠠᠶᠢᠨᠠᠨ᠂ ᠦᠪᠦᠷ ᠮᠤᠩ᠋ᠭᠤᠯ ᠵᠡᠷᠭᠡ ᠤᠯᠤᠰ ᠲᠠᠶᠠᠭᠠᠷ ‍ᠤᠨ ᠡᠯ᠎ᠠ ᠪᠦᠰᠡ ᠨᠤᠲᠤᠭ ᠡᠴᠠ ᠢᠷᠡᠭᠰᠡᠨ 200 ᠭᠠᠷᠤᠢ ᠲᠠᠮᠢᠷᠴᠢᠨ᠂ ᠪᠠᠭᠠᠴᠤᠳ ‍ᠤᠨ ᠠᠦ᠋ᠲ᠋ᠣ᠋ ᠵᠠᠮ ‍ᠤᠨ ᠬᠤᠪᠢ ᠬᠦᠮᠦᠨ ‍ᠤ ᠴᠠᠭ ᠳᠡᠮᠳᠡᠭᠯᠡᠬᠦ ᠳᠡᠮᠡᠴᠡᠬᠡᠨ᠂ ᠠᠦ᠋ᠲ᠋ᠣ᠋ ᠵᠠᠮ ‍ᠤᠨ ᠳᠤᠭᠤᠶᠢᠯᠠᠩ ᠨᠢᠭᠡᠴᠠ ᠶ᠋ᠢᠨ ᠳᠡᠮᠡᠴᠡᠬᠡᠨ᠂ ᠲᠤᠮᠤᠴᠤᠤᠯ ‍ᠤᠨ ᠳᠤᠭᠤᠶᠢᠯᠠᠩ ᠨᠢᠭᠡᠴᠠ ᠶ᠋ᠢᠨ ᠠᠭᠤᠯᠠᠨ ᠭᠠᠵᠠᠷ ᠢᠶᠡᠷ ᠬᠡᠬᠡᠷᠡᠯᠡᠨ ᠤᠷᠤᠯᠳᠤᠬᠤ ᠳᠡᠮᠡᠴᠡᠬᠡᠨ᠂ ᠵᠠᠰᠠᠮᠠᠯ ᠵᠠᠮ ‍ᠤᠨ ᠳᠤᠭᠤᠶᠢᠯᠠᠩ ᠨᠢᠭᠡᠴᠠ ᠶ᠋ᠢᠨ ᠳᠡᠮᠡᠴᠡᠬᠡᠨ ᠪᠠ ᠭᠡᠷ ᠪᠦᠯᠢ ᠶ᠋ᠢᠨ ᠴᠠᠭ ᠳᠡᠮᠳᠡᠭᠯᠡᠬᠦ ᠳᠡᠮᠡᠴᠡᠬᠡᠨ ᠵᠡᠷᠭᠡ ᠲᠦᠷᠦᠯ ‍ᠤᠨ ᠲᠡᠮᠡᠴᠡᠭᠡᠨ ᠳ᠋ᠥ ᠤᠷᠤᠯᠴᠠᠵᠠᠢ᠃ ᠡᠨᠡ ᠨᠢ ᠭᠤᠷᠪᠠᠳᠡᠬᠢ ᠵᠢᠯ ᠳ᠋ᠡᠭᠡᠨ ᠰᠢᠯᠢᠩᠬᠤᠳᠠ ᠳ᠋ᠥ ᠶᠠᠪᠤᠬᠳᠠᠵᠦ ᠪᠠᠶᠢᠭ᠎ᠠ ᠳᠡᠮᠡᠴᠡᠬᠡᠨ ᠪᠤᠯᠬᠤ ᠶᠤᠮ᠃ (ᠴᠢᠷᠮ᠎ᠠ)

ᠲᠠᠮᠢᠷᠴᠢᠳ ᠲᠡᠮᠡᠴᠡᠭᠡᠨ ᠡᠴᠡ ᠡᠮᠦᠨᠡᠬᠢ ᠪᠡᠯᠡᠳᠬᠡᠯ ᠬᠢᠵᠤ ᠪᠤᠢ

ᠢᠷᠡᠯᠳᠡ᠄ ᠰᠢᠨᠬᠤᠧᠠ ᠮᠤᠩ᠋ᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121326902