蒙古文网站Logo
ᠰᠢᠨᠬᠤᠸᠠ ᠮᠤᠩᠭ᠋ᠤᠯ ᠨᠧᠲ

ᠰᠢᠨᠵᠢᠶᠠᠩ ᠤᠨ ᠵᠠᠯᠠᠭᠤᠴᠤᠳ ᠪᠠᠭᠠᠴᠤᠳ ᠤᠨ ᠰᠤᠷ ᠬᠠᠷᠪᠤᠬᠤ ᠳᠡᠮᠡᠴᠡᠬᠡᠨ ᠪᠤᠰᠲᠤᠨᠠᠭᠤᠷ ᠰᠢᠶᠠᠨ ᠳ᠋ᠥ ᠪᠤᠯᠪᠠ

2017-07-31 15:10

    ᠰᠢᠨᠬᠤᠧᠠ ᠮᠤᠩᠭ᠋ᠤᠯ ᠨᠧᠲ ᠬᠦᠬᠡᠬᠤᠳᠠ ᠶᠢᠨ 7 ᠰᠠᠷ᠎ᠠ ᠶᠢᠨ 31 ᠤ ᠡᠳᠦᠷ ᠤᠨ ᠴᠠᠬᠢᠯᠭᠠᠨ ᠮᠡᠳᠡᠬᠡ ᠰᠢᠨᠵᠢᠶᠠᠩ ᠤᠨ ᠤᠷᠤᠨ ᠲᠠᠶᠠᠭᠠᠷ ᠤᠨ ᠵᠠᠯᠠᠭᠤᠴᠤᠳ ᠪᠠᠭᠠᠴᠤᠳ ᠤᠨ ᠰᠤᠷ ᠬᠠᠷᠪᠤᠬᠤ ᠳᠡᠮᠡᠴᠡᠬᠡᠨ 7 ᠰᠠᠷ᠎ᠠ ᠶ᠋ᠢᠨ 20 ᠤ ᠡᠳᠤᠷ ᠡᠴᠠ 25 ᠤ ᠡᠳᠤᠷ ᠪᠤᠯᠳᠠᠯ᠎ᠠ ᠪᠠᠶᠠᠠᠭᠤᠤᠯ ᠵᠸᠤ ᠶᠢᠨ ᠪᠤᠰᠲᠤᠨᠠᠭᠤᠷ ᠰᠢᠶᠠᠨ ᠳ᠋ᠥ ᠵᠤᠬᠢᠶᠠᠨ ᠪᠠᠶᠢᠭᠤᠯᠤᠭᠳᠠᠯ᠎ᠠ᠃ ᠰᠢᠨᠵᠢᠶᠠᠩ ᠤᠨ ᠤᠶᠢᠭᠤᠷ ᠤᠨ ᠥᠪᠠᠷᠲᠠᠭᠡᠨ ᠵᠠᠰᠠᠬᠤ ᠤᠷᠤᠨ ᠤ ᠪᠡᠶ᠎ᠠ ᠲᠠᠮᠢᠷ ᠤᠨ ᠲᠤᠪᠴᠢᠶ᠎ᠠ ᠡᠴᠡ ᠡᠨᠠ ᠵᠢᠯ ᠤᠨ 5 ᠰᠠᠷ᠎ᠠ ᠶ᠋ᠢᠨ 4 ᠤ ᠡᠳᠤᠷ ᠬᠦᠯᠢᠶᠡᠨ ᠵᠦᠪᠰᠢᠶᠡᠷᠡᠭᠰᠡᠨ ᠤ ᠳᠠᠭᠠᠤ᠂ ᠤᠷᠤᠨ ᠲᠠᠶᠠᠭᠠᠷ ᠤᠨ ᠲᠠᠪᠤᠳᠤᠭᠠᠷ ᠬᠤᠭᠤᠴᠠᠭᠠᠨ ᠤ ᠵᠠᠯᠠᠭᠤᠴᠤᠳ ᠪᠠᠭᠠᠴᠤᠳ ᠤᠨ ᠰᠤᠷ ᠬᠠᠷᠪᠤᠬᠤ ᠳᠡᠮᠡᠴᠡᠬᠡᠨ ᠨᠢ ᠬᠤᠶᠠᠷ ᠰᠠᠷ᠎ᠠ ᠭᠠᠷᠤᠢ ᠶᠢᠨ ᠪᠡᠯᠡᠳᠭᠡᠯ ᠠᠵᠢᠯ ᠢᠶᠡᠷ ᠳᠠᠮᠵᠢᠨ ᠠᠮᠵᠢᠯᠳᠠ ᠲᠠᠢ ᠵᠤᠬᠢᠶᠠᠨ ᠪᠠᠶᠢᠭᠤᠯᠤᠭᠳᠠᠪᠠ᠃

    ᠳᠡᠮᠡᠴᠡᠬᠡᠨ ᠳᠤ ᠤᠷᠤᠨ ᠲᠠᠶᠠᠭᠠᠷ ᠤᠨ ᠡᠯ᠎ᠠ ᠭᠠᠵᠠᠷ ᠡᠴᠠ ᠢᠷᠡᠭᠰᠡᠨ 8 ᠪᠠᠭ ᠤᠨ 166 ᠲᠠᠮᠢᠷᠴᠢᠨ ᠤᠷᠤᠯᠴᠠᠵᠦ᠂ ᠨᠡᠶᠢᠲᠠ 50 ᠠᠯᠲᠠᠨ ᠮᠧᠳ᠋ᠠᠯ ᠰᠢᠯᠭᠠᠷᠠᠪᠠ᠃ ᠪᠤᠰᠲᠤᠨᠠᠭᠤᠷ ᠰᠢᠶᠠᠨ ᠤ ᠠᠵᠢᠯ ᠤᠨ ᠴᠢᠯᠤᠭᠡᠨ ᠤ ᠲᠠᠮᠢᠷ ᠤᠨ ᠰᠤᠷᠭᠠᠭᠤᠯᠢ ᠶ᠋ᠢᠨ ᠪᠠᠭ ᠨᠢ ᠪᠠᠶᠠᠠᠭᠤᠤᠯ ᠵᠧᠤ ᠶᠢ ᠲᠥᠯᠤᠭᠡᠯᠡᠨ ᠳᠡᠮᠡᠴᠡᠬᠡᠨ ᠳᠤ ᠤᠷᠤᠯᠴᠠᠵᠦ ᠨᠡᠶᠢᠲᠠ 9 ᠠᠯᠲᠠᠨ ᠮᠧᠳ᠋ᠠᠯ᠂ 6 ᠮᠥᠡᠭᠭᠥᠨ ᠮᠧᠳ᠋ᠠᠯ᠂ 3 ᠬᠦᠷᠡᠯ ᠮᠧᠳ᠋ᠠᠯ ᠭᠠᠷᠳᠠᠵᠤ ᠪᠠᠭ ᠤᠨ ᠳᠡᠮᠡᠴᠡᠬᠡᠨ ᠤ ᠭᠤᠷᠪᠠᠳᠤᠭᠠᠷ ᠪᠠᠶᠢᠷᠢᠨ ᠳᠤ ᠳᠤᠳᠤᠷᠠᠭᠰᠠᠨ ᠪᠤᠯ ᠥᠷᠤᠮᠴᠢ ᠬᠤᠲᠠ ᠪᠤᠯᠤᠨ ᠴᠠᠨᠵᠢ ᠬᠤᠲᠠ ᠶᠢᠨ ᠳᠦᠯᠦᠬᠡᠯᠡᠬᠦ ᠪᠠᠭ ᠲᠤᠰ ᠲᠤᠰ ᠨᠢᠭᠡ᠂ ᠬᠤᠶᠠᠳᠤᠭᠠᠷ ᠪᠠᠶᠢᠷᠢᠨ ᠳᠤ ᠳᠤᠳᠤᠷᠠᠵᠠᠢ᠃ ᠡᠨᠡᠬᠦ ᠳᠡᠮᠡᠴᠡᠬᠡᠨ ᠪᠤᠰᠲᠤᠨᠠᠭᠤᠷ ᠰᠢᠶᠠᠨ ᠳᠤ ᠵᠤᠬᠢᠶᠠᠨ ᠪᠠᠶᠢᠭᠤᠯᠤᠭᠳᠠᠭᠰᠠᠨ ᠢᠶᠡᠷ ᠲᠤᠰ ᠰᠢᠶᠠᠨ ᠤ ᠰᠤᠶᠤᠯ ᠰᠫᠤᠷᠲ ᠤᠨ ᠥᠢᠯᠠᠰ ᠤᠨ ᠭᠥᠭ᠍ᠵᠢᠯᠲᠠ ᠳ᠋ᠥ ᠳᠤᠮᠤᠬᠠᠨ ᠠᠬᠢᠭᠤᠯᠬᠤ ᠡᠬᠦᠷᠬᠡ ᠬᠦᠢᠴᠡᠳᠬᠡᠬᠦ ᠳᠡᠳᠦᠢ ᠦᠬᠡᠢ ᠰᠢᠶᠠᠨ ᠤ ᠵᠢᠭᠤᠯᠴᠢᠯᠠᠯ ᠤᠨ ᠨᠡᠷ᠎ᠠ ᠠᠯᠳᠠᠷ ‍ᠢ ᠴᠦ ᠶᠠᠭᠡᠪᠠᠷ ᠳᠠᠭᠤᠷᠢᠰᠤᠭᠤᠯᠬᠤ ᠶᠤᠮ᠃ (ᠨᠡᠶᠢᠳᠡᠯᠡᠯ ᠵᠢᠷᠤᠭ ᠢ ᠰᠢᠨᠵᠢᠶᠠᠩ ᠤᠨ ᠪᠠᠶᠠᠠᠭᠤᠤᠯ ᠵᠸᠤ ᠶᠢᠨ ᠪᠤᠰᠲᠤᠨᠠᠭᠤᠷ ᠰᠢᠶᠠᠨ ᠤ ᠴᠡᠬᠡᠠᠨᠠᠭᠤᠷ ᠰᠤᠮᠤ ᠶᠢᠨ ᠡᠷᠡᠬᠦᠯ ᠬᠠᠮᠠᠭᠠᠯᠠᠯ ᠤᠨ ᠬᠤᠷᠢᠶᠠᠨ ᠤ ᠴᠡᠵᠠᠪ)

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121408051