蒙古文网站Logo
ᠰᠢᠨᠬᠤᠸᠠ ᠮᠤᠩᠭ᠋ᠤᠯ ᠨᠧᠲ

ᠶᠠᠩ ᠵᠢᠶᠠ ᠢᠤᠢ ᠲᠡᠯᠡᠬᠡᠢ ᠵᠢᠨ ᠲᠡᠮᠡᠴᠡᠭᠡᠨ ᠳ᠋ᠤ ᠮᠠᠩᠯᠠᠢᠢᠯᠠᠪᠠ

2017-08-14 15:50

    8 ᠰᠠᠷ᠎ᠠ ᠵᠢᠨ 13 ᠪ ᠡᠳᠦᠷ᠂ 2017 ᠤᠨ ᠪ ᠯᠤᠨᠳᠤᠨ ᠪ ᠬᠦᠨᠳᠤ ᠬᠦᠩᠬᠡᠨ ᠰᠫᠤᠷᠲ ᠤᠨ ᠲᠡᠯᠡᠬᠡᠢ ᠵᠢᠨ ᠮᠠᠩᠯᠠᠢ ᠰᠢᠯᠭᠠᠷᠠᠭᠤᠯᠬᠤ ᠲᠡᠮᠡᠴᠡᠭᠡᠨ ᠠᠷᠪᠠᠳᠠᠬᠢ ᠡᠳᠦᠷ ᠤᠨ ᠮᠦᠷᠦᠢᠴᠡᠬᠡᠨ ᠢᠶᠡᠨ ᠡᠬᠢᠯᠡᠬᠦᠯᠪᠠ᠃ ᠡᠮᠡᠭᠳᠡᠢ ᠵᠢᠨ 20 ᠺᠢᠯᠤᠮᠧᠲ᠋ᠷ ᠤᠨ ᠠᠯᠬᠤᠭ᠎ᠠ ᠤᠷᠤᠯᠳᠤᠭᠠᠨ ᠪ ᠰᠢᠢᠳᠪᠤᠷᠢᠳᠤ ᠲᠡᠮᠡᠴᠡᠭᠡᠨ ᠳᠤ ᠲᠤᠮᠳᠠᠳᠤ ᠤᠯᠤᠰ ᠤᠨ ᠲᠦᠯᠦᠬᠡᠯᠡᠭᠴᠢ ᠪᠠᠭ ᠤᠨ ᠥᠪᠦᠷ ᠮᠤᠩᠭ᠋ᠤᠯ ᠨᠤᠳᠤᠬᠳᠠᠢ ᠲᠠᠮᠢᠷᠴᠢᠨ ᠶᠠᠩ ᠵᠢᠶᠠ ᠢᠤᠢ ᠠᠯᠳᠠᠨ ᠮᠧᠳᠠᠯ ᠭᠠᠷᠳᠠᠵᠤ᠂ ᠦᠪᠦᠷ ᠮᠤᠩᠭ᠋ᠤᠯ ᠤᠨ ᠰᠫᠤᠷᠲ ᠤᠨ ᠲᠡᠤᠬᠡᠨ ᠳ᠋ᠡᠬᠢ ᠬᠦᠨᠳᠤ ᠬᠦᠩᠬᠡᠨ ᠰᠫᠤᠷᠲ ᠤᠨ ᠤᠤᠭᠠᠨ ᠲᠡᠯᠡᠬᠡᠢ ᠵᠢᠨ ᠮᠠᠩᠯᠠᠢ ᠪᠤᠯᠤᠭᠰᠠᠠ ᠪᠠᠢᠢᠨ᠎ᠠ᠃

    ᠶᠠᠩ ᠵᠢᠶᠠ ᠢᠤᠢ 1996 ᠤᠨ ᠪ 2 ᠰᠠᠷ᠎ᠠ ᠵᠢᠨ 18 ᠪ ᠡᠳᠦᠷ ᠦᠬᠠᠢ ᠬᠤᠳᠠ ᠳ᠋ᠤ ᠲᠦᠷᠦᠪᠡ᠂ ᠤᠳᠤᠬᠠᠨ ᠳ᠋ᠤ ᠦᠪᠦᠷ ᠮᠤᠩᠭ᠋ᠤᠯ ᠤᠨ ᠰᠢᠨᠵᠢᠯᠡᠬᠦ ᠤᠬᠠᠭᠠᠨ ᠮᠡᠷᠬᠡᠵᠢᠯ ᠤᠨ ᠶᠡᠬᠡ ᠰᠤᠷᠭᠠᠭᠤᠯᠢ ᠳᠤ ᠰᠤᠷᠤᠯᠴᠠᠵᠤ᠂ ᠤᠯᠤᠰ ᠤᠨ ᠠᠯᠬᠤᠭ᠎ᠠ ᠤᠷᠤᠯᠳᠤᠭᠠᠨ ᠪ ᠠᠩᠬᠢ ᠳᠤ ᠳᠠᠰᠬᠠᠯᠵᠢᠭᠤᠯᠵᠤ ᠪᠤᠢ᠃ ᠲᠡᠷᠡᠪᠡᠷ᠂ 2014 ᠤᠨ ᠪ ᠤᠯᠠᠨ ᠤᠯᠤᠰ ᠤᠨ ᠬᠦᠨᠳᠤ ᠬᠦᠩᠬᠡᠨ ᠰᠫᠤᠷᠲ ᠤᠨ ᠬᠤᠯᠪᠤᠭᠠᠨ ᠪ ᠠᠯᠬᠤᠭ᠎ᠠ ᠤᠷᠤᠯᠳᠤᠭᠠᠨ ᠪ ᠲᠡᠯᠡᠬᠡᠢ ᠵᠢᠨ ᠬᠤᠨᠳᠠᠭᠠᠳᠤ ᠲᠡᠮᠡᠴᠡᠭᠡᠨ ᠳᠡᠬᠢ ᠡᠮᠡᠭᠳᠡᠢ ᠵᠢᠨ 10 ᠺᠢᠯᠤᠮᠧᠲ᠋ᠷ ᠤᠨ ᠲᠡᠮᠡᠴᠡᠭᠡᠨ ᠳᠤ ᠲᠡᠳ᠋ᠯᠡᠵᠤ᠂ 2016 ᠤᠨ ᠪ ᠤᠯᠤᠰ ᠳᠠᠶᠠᠭᠠᠷ ᠤᠨ ᠠᠯᠬᠤᠭ᠎ᠠ ᠤᠷᠤᠯᠳᠤᠭᠠᠨ ᠪ ᠱᠠᠩᠨᠠᠯᠳᠤ ᠲᠡᠮᠡᠴᠡᠭᠡᠨ ᠵᠢᠴᠢ ᠤᠯᠢᠮᠫᠢᠺ ᠤᠨ ᠰᠤᠩᠭ᠋ᠤᠯᠳᠠ ᠲᠡᠮᠡᠴᠡᠭᠡᠨ ᠤ ᠡᠮᠡᠭᠳᠡᠢ ᠵᠢᠨ20 ᠺᠢᠯᠦᠮᠧᠲ᠋ᠷ ᠤᠨ ᠲᠡᠮᠡᠴᠡᠭᠡᠨ ᠳᠤ ᠭᠤᠷᠪᠠᠳᠤᠭᠠᠷ ᠲᠤ ᠪᠠᠶᠢᠷᠢᠰᠢᠬᠰᠠᠨ ᠪᠦᠬᠡᠳ ᠮᠦᠨ ᠵᠢᠯ ᠤᠨ ᠷᠢᠦ᠋ ᠳ᠋ᠢ ᠿᠧᠨ᠋᠋ᠧᠶᠢᠷᠦ᠋ ᠳ᠋ᠤ ᠶᠠᠪᠤᠭᠳᠠᠭᠰᠠᠠ ᠤᠯᠢᠮᠫᠢᠺ ᠤᠨ ᠲᠠᠮᠢᠷ ᠤᠨ ᠴᠢᠭᠤᠯᠭᠠᠨ ᠳᠤ ᠪᠡᠯᠡᠳᠭᠡᠯ ᠲᠠᠮᠢᠷᠴᠢᠨ ᠪ ᠬᠤᠪᠢ ᠪᠠᠷ ᠤᠷᠤᠯᠴᠠᠵᠠᠢ᠃

    ᠶᠠᠩ ᠵᠢᠶᠠ ᠢᠤᠢ ᠵᠢᠨ ᠬᠦᠨᠳᠤ ᠬᠦᠩᠬᠡᠨ ᠰᠫᠤᠷᠲ ᠤᠨ ᠲᠡᠯᠡᠬᠡᠢ ᠵᠢᠨ ᠮᠠᠩᠯᠠᠢ ᠰᠢᠯᠭᠠᠷᠠᠭᠤᠯᠬᠤ ᠲᠡᠮᠡᠴᠡᠭᠡᠨ ᠳᠤ ᠮᠠᠩᠯᠠᠢᠢᠯᠠᠭᠰᠠᠠ ᠨᠢ ᠥᠪᠦᠷ ᠮᠤᠩᠭ᠋ᠤᠯ ᠤᠨ ᠰᠫᠤᠷᠲ ᠤᠨ ᠲᠡᠤᠬᠡᠨ ᠳ᠋ᠡᠬᠢ ᠰᠢᠨ᠎ᠠ ᠬᠠᠭᠤᠳᠠᠰᠤ ᠵᠢ ᠪᠢᠴᠢᠭᠯᠡᠭᠰᠡᠡ ᠪᠠᠢᠢᠨ᠎ᠠ᠃

ᠢᠷᠡᠯᠳᠡ᠄ ᠥᠪᠦᠷ ᠮᠣᠩᠭ᠋ᠤᠯ ᠤᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121480866