蒙古文网站Logo
ᠰᠢᠨᠬᠤᠸᠠ ᠮᠤᠩᠭ᠋ᠤᠯ ᠨᠧᠲ

ᠯᠢ ᠴᠢᠶᠠᠨ ᠤᠯᠤᠰ ᠳᠠᠶᠠᠭᠠᠷ ᠤᠨ ᠰᠫᠤᠷᠲ ᠤᠨ ᠴᠢᠭᠤᠯᠭᠠᠨ ᠪ ᠪᠤᠺᠰ ᠤᠨ ᠲᠡᠮᠡᠴᠡᠭᠡᠨ ᠳᠤ ᠮᠠᠩᠯᠠᠢᠢᠯᠠᠪᠠ

2017-08-14 16:11

    8 ᠰᠠᠷ᠎ᠠ ᠵᠢᠨ 13 ᠪ ᠡᠳᠦᠷ᠂ ᠲᠢᠶᠠᠨᠵᠢᠨ ᠬᠤᠳᠠ ᠳᠤ ᠶᠠᠪᠤᠭᠳᠠᠭᠰᠠᠨ ᠤᠯᠤᠰ ᠳᠠᠶᠠᠭᠠᠷ ᠤᠨ ᠠᠷᠪᠠᠨ ᠭᠤᠷᠪᠠᠳᠤᠭᠠᠷ ᠬᠤᠭᠤᠴᠠᠭᠠᠨ ᠤ ᠰᠫᠤᠷᠲ ᠤᠨ ᠴᠢᠭᠤᠯᠭᠠᠨ ᠪ ᠪᠤᠺᠰ ᠤᠨ ᠲᠡᠮᠡᠴᠡᠭᠡᠨ ᠰᠢᠪᠳᠤᠷᠠᠭᠠᠨ ᠳᠤ ᠪᠡᠨ ᠤᠷᠤᠪᠠ᠃ ᠡᠮᠡᠭᠳᠡᠢ ᠵᠢᠨ 69 ︱ 75 ᠺᠢᠯᠦᠭᠷᠠᠮ ᠤᠨ ᠬᠦᠨᠳᠤ ᠶᠢᠨ ᠵᠢᠩ ᠤᠨ ᠲᠡᠮᠡᠴᠡᠭᠡᠨ ᠳᠤ ᠥᠪᠦᠷ ᠮᠣᠩᠭᠤᠯ ᠤᠨ ᠲᠠᠮᠢᠷᠴᠢᠨ ᠯᠢ ᠴᠢᠶᠠᠨ ᠹᠦᠵᠢᠶᠠᠨ ᠤ ᠪᠠᠭ ᠤᠨ ᠲᠠᠮᠢᠷᠴᠢᠨ ᠶᠠᠩ ᠰᠢᠶᠤᠤ ᠯᠢ ᠵᠢ ᠢᠯᠠᠵᠤ ᠠᠯᠳᠠᠨ ᠮᠧᠳ᠋ᠠᠯ ᠭᠠᠷᠳᠠᠯ᠎ᠠ᠃

ᠯᠢ ᠴᠢᠶᠠᠨ (ᠪᠠᠷᠠᠭᠤᠨ)ᠲᠡᠮᠡᠴᠡᠭᠡᠨ ᠳᠤ

    ᠲᠦᠷᠪᠠᠨ ᠵᠢᠯ ᠤᠨ ᠡᠮᠦᠨ᠎ᠡ ᠮᠦᠭᠳᠡᠨ ᠳᠤ ᠶᠠᠪᠤᠭᠳᠠᠭᠰᠠᠨ ᠤᠯᠤᠰ ᠳᠠᠶᠠᠭᠠᠷ ᠤᠨ ᠰᠫᠤᠷᠲ ᠤᠨ ᠴᠢᠭᠤᠯᠭᠠᠨ ᠳᠤ ᠠᠯᠳᠠᠨ ᠮᠧᠳ᠋ᠠᠯ ᠡᠪᠦᠷᠲᠦᠯᠡᠬᠦ ᠠᠵᠠ ᠵᠠᠪᠰᠢᠶᠠᠨ ᠢᠶᠡᠨ ᠠᠯᠳᠠᠭᠰᠠᠨ ᠯᠢ ᠴᠢᠶᠠᠨ ᠬᠠᠳᠠᠭᠤᠵᠢᠯᠳᠠᠢ ᠴᠢᠷᠮᠠᠢᠢᠯᠭ᠎ᠠ ᠪᠠᠷ ᠲᠡᠮᠵᠢᠨ 2016 ᠤᠨ ᠪ ᠷᠢᠦ᠋ ᠳ᠋ᠢ ᠿᠧᠨ᠋᠋ᠧᠶᠢᠷᠦ᠋ ᠶᠢᠨ ᠤᠯᠢᠮᠫᠢᠺ ᠤᠨ ᠲᠠᠮᠢᠷ ᠤᠨ ᠴᠢᠭᠤᠯᠭᠠᠨ ᠳᠤ ᠮᠦᠩᠬᠦᠨ ᠮᠧᠳ᠋ᠠᠯ ᠭᠠᠷᠳᠠᠭᠰᠠᠨ ᠪᠦᠬᠡᠳ 《ᠲᠤᠮᠳᠠᠳᠤ ᠤᠯᠤᠰ ᠤᠨ ᠪᠤᠺᠰ ᠤᠨ ᠠᠪᠤᠷᠭᠤ》ᠬᠡᠬᠦ ᠢᠷᠠᠭᠤ ᠠᠯᠳᠠᠷ ᠢ ᠬᠦᠷᠲᠡᠭᠰᠡᠨ ᠪᠢᠯᠡ᠃

    8 ᠰᠠᠷ᠎ᠠ ᠵᠢᠨ 3 ᠪ ᠡᠳᠦᠷ ᠡᠴᠠ ᠡᠬᠢᠯᠡᠵᠤ ᠶᠠᠪᠤᠭᠳᠠᠭᠰᠠᠠ ᠪᠤᠺᠰ ᠤᠨ ᠲᠦᠷᠦᠯ ᠵᠦᠢᠯ ᠤᠨ ᠲᠡᠮᠡᠴᠡᠭᠡᠨ ᠳᠤ ᠯᠢ ᠴᠢᠶᠠᠨ ᠠᠩᠬᠠᠨ ᠪ ᠲᠠᠪᠠᠭ᠎ᠠ ᠡᠴᠠ ᠡᠬᠢᠯᠡᠨ ᠯᠠᠪᠳᠠᠭᠤᠨ ᠬᠢᠨᠠᠮᠠᠭᠠᠢ ᠦᠷᠢᠰᠦᠯᠳᠦᠭᠰᠡᠨ ᠢᠶᠡᠷ᠂ ᠰᠢᠢᠳᠪᠤᠷᠢᠳᠤ ᠲᠡᠮᠡᠴᠡᠬᠡᠨ ᠳ᠋ᠤ 5᠄ 0 ᠵᠢᠠᠷ ᠹᠦᠵᠢᠶᠠᠨ ᠤ ᠲᠦᠯᠦᠭᠡᠯᠡᠬᠦ ᠪᠠᠭ ᠤᠨ ᠥᠪᠦᠷ ᠮᠣᠩ᠋ᠭᠤᠯ ᠢᠶᠡᠷ ᠨᠤᠲᠤᠭ ᠲᠠᠢ ᠲᠠᠮᠢᠷᠴᠢᠨ ᠶᠠᠩ ᠰᠢᠶᠤᠤ ᠯᠢ ᠶᠢ ᠢᠯᠠᠵᠤ ᠠᠯᠳᠠᠨ ᠮᠧᠳ᠋ᠠᠯ ᠭᠠᠷᠳᠠᠭᠰᠠᠨ ᠪᠠᠶᠢᠨ᠎ᠠ᠃

    ᠡᠬᠦᠨ ᠡᠴᠠ ᠡᠮᠦᠨᠡᠬᠡᠨ ᠪᠤᠯᠤᠭᠰᠠᠠ ᠡᠷᠡᠭᠳᠡᠢ ᠵᠢᠨ 69 ᠺᠢᠯᠦᠭᠷᠠᠮ ᠤᠨ ᠬᠦᠨᠳᠤ ᠶᠢᠨ ᠵᠢᠩ ᠤᠨ ᠲᠡᠮᠡᠴᠡᠭᠡᠨ ᠳᠤ ᠥᠪᠦᠷ ᠮᠣᠩᠭᠤᠯ ᠤᠨ ᠲᠠᠮᠢᠷᠴᠢᠨ ᠬᠤᠷᠴᠠᠪᠢᠯᠢᠢᠡ᠋ ᠲᠡᠳ᠋ᠯᠡᠵᠤ ᠮᠦᠩᠬᠦᠨ ᠮᠧᠳ᠋ᠠᠯ ᠭᠠᠷᠳᠠᠪᠠ᠃ (ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠬᠴᠢ ᠶᠦᠧᠧ ᠶᠦᠧᠧ ᠸᠸᠢ)

ᠢᠷᠡᠯᠳᠡ᠄ ᠥᠪᠦᠷ ᠮᠣᠩᠭ᠋ᠤᠯ ᠤᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121481008