蒙古文网站Logo
ᠰᠢᠨᠬᠤᠸᠠ ᠮᠤᠩᠭ᠋ᠤᠯ ᠨᠧᠲ

ᠴᠠᠩᠴᠦ᠋ᠨ ᠬᠤᠲᠠ ᠶᠢᠨ ᠠᠷᠪᠡᠳᠡᠬᠢ ᠡᠭᠡᠯᠵᠢ ᠶᠢᠨ ᠮᠤᠩᠭ᠋ᠤᠯ ᠨᠠᠭᠠᠲᠤᠮ ᠠᠮᠵᠢᠯᠲᠠ ᠲᠠᠢ ᠵᠤᠬᠢᠶᠠᠨ ᠪᠠᠶᠢᠭᠤᠯᠤᠭᠲᠠᠪᠠ

2017-09-25 16:56

    ᠰᠢᠨᠬᠤᠧᠠ ᠮᠤᠩᠭ᠋ᠤᠯ ᠨᠧᠲ  ᠬᠦᠬᠡᠬᠤᠲᠠ ᠶᠢᠨ 9 ᠰᠠᠷ᠎ᠠ ᠶᠢᠨ 25 ᠤ ᠡᠲᠦᠷ ᠤᠨ ᠴᠠᠬᠢᠯᠭᠠᠨ ᠮᠡᠲᠡᠭᠡ ( ᠬ • ᠦᠵᠡᠰᠭᠦᠯᠡᠩ ) 9 ᠰᠠᠷ᠎ᠠ ᠶᠢᠨ 23 ᠤ ᠡᠲᠦᠷ ᠴᠠᠩᠴᠦ᠋ᠨ ᠬᠤᠲᠠ ᠶᠢᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ᠂ ᠴᠠᠩᠴᠦ᠋ᠨ ᠬᠤᠲᠠ ᠶᠢᠨ ᠰᠤᠶᠤᠯ ᠷᠠᠳᠢᠤ᠋ ᠲᠧᠯᠸᠢᠰ ᠰᠤᠨᠢᠨ ᠮᠡᠲᠡᠭᠡ ᠬᠡᠪᠯᠡᠯ ᠤᠨ ᠲᠤᠪᠴᠢᠶ᠎ᠠ᠂ ᠴᠠᠩᠴᠦ᠋ᠨ ᠬᠤᠲᠠ ᠶᠢᠨ ᠪᠠᠶ᠎ᠠ ᠶᠢᠨ ᠲᠠᠮᠢᠷ ᠤᠨ ᠲᠤᠪᠴᠢᠶ᠎ᠠ ᠡᠴᠡ ᠰᠠᠨᠠᠭᠠᠴᠢᠯᠠᠵᠤ᠂ ᠴᠠᠩᠴᠦ᠋ᠨ ᠬᠤᠲᠠ ᠶᠢᠨ ᠮᠤᠩᠭ᠋ᠤᠯ ᠦᠨᠳᠦᠰᠦᠲᠡᠨ ᠤ ᠰᠤᠶᠤᠯ ᠢ ᠠᠬᠢᠭᠤᠯᠬᠤ ᠨᠡᠶᠢᠭᠡᠮᠯᠢᠭ᠌᠂ ᠭᠢᠷᠢᠨ ᠮᠤᠵᠢ ᠶᠢᠨ ᠮᠤᠩᠭ᠋ᠤᠯ ᠦᠨᠳᠦᠰᠦᠲᠡᠨ ᠤ ᠰᠤᠶᠤᠯ ᠪᠠ ᠠᠵᠤ ᠠᠬᠤᠢ ᠶᠢ ᠠᠬᠢᠭᠤᠯᠬᠤ ᠨᠡᠶᠢᠭᠡᠮᠯᠢᠭ᠌ ᠡᠴᠡ ᠵᠤᠬᠢᠶᠠᠨ ᠪᠠᠶᠢᠭᠤᠯᠤᠭᠰᠠᠨ ᠴᠠᠩᠴᠦ᠋ᠨ ᠬᠤᠲᠠ ᠶᠢᠨ ᠠᠷᠪᠡᠳᠡᠬᠢ ᠡᠭᠡᠯᠵᠢ ᠶᠢᠨ ᠮᠤᠩᠭ᠋ᠤᠯ ᠨᠠᠭᠠᠲᠤᠮ ᠴᠠᠩᠴᠦ᠋ᠨ ᠬᠤᠲᠠ ᠶᠢᠨ ᠺᠧ ᠴᠧ ᠪᠠᠶ᠎ᠠ ᠶᠢᠨ ᠲᠠᠮᠢᠷ ᠤᠨ ᠤᠷᠲᠤᠨ ᠳ᠋ᠤ ᠠᠮᠵᠢᠯᠲᠠ ᠲᠠᠢ ᠵᠤᠬᠢᠶᠠᠨ ᠪᠠᠶᠢᠭᠤᠯᠤᠭᠲᠠᠪᠠ᠃

    ᠨᠠᠭᠠᠲᠤᠮ ᠤᠨ ᠦᠶ᠎ᠠ ᠪᠡᠷ ᠭᠢᠷᠢᠨ᠂ ᠦᠪᠦᠷ ᠮᠤᠩᠭ᠋ᠤᠯ᠂ ᠯᠢᠶᠤᠤᠨᠢᠩ᠂ ᠬᠠᠷᠠᠮᠦ᠋ᠷᠡᠨ᠂ ᠨᠢᠩᠰᠢᠶᠠ᠂ ᠡᠾᠸᠨᠠᠨ ᠵᠡᠷᠭᠡ 5 ᠮᠤᠵᠢ ᠤᠷᠤᠨ ᠤ ᠮᠤᠩᠭ᠋ᠤᠯᠴᠤᠳ ᠤᠨ ᠲᠦᠯᠦᠭᠡᠯᠡᠯ ᠤᠷᠤᠯᠴᠠᠭᠰᠠᠨ ᠡᠴᠡ ᠭᠠᠲᠠᠨ᠎ᠠ ᠬᠢᠲᠠᠳ᠂ ᠮᠠᠨᠵᠤ᠂ ᠰᠤᠯᠤᠩᠭ᠋ᠤᠰ᠂ ᠬᠤᠲᠤᠩ᠂ ᠰᠢᠪᠡᠭᠡ ᠵᠡᠷᠭᠡ ᠤᠯᠠᠨ ᠦᠨᠳᠦᠰᠦᠲᠡᠨ ᠤ ᠠᠬᠠᠨ ᠲᠡᠭᠦᠦᠰ ᠤᠷᠤᠯᠴᠠᠭᠰᠠᠨ ᠦᠨᠳᠦᠰᠦᠲᠡᠨ ᠤ ᠴᠤᠭᠯᠠᠭᠠᠨ ᠪᠤᠯᠪᠠ᠃ ᠨᠠᠭᠠᠲᠤᠮ ᠳ᠋ᠤ ᠵᠠᠭᠤᠨ ᠬᠦᠮᠦᠨ ᠤ ᠠᠨᠲᠠᠢ᠂ ᠮᠤᠷᠢᠨ ᠬᠤᠭᠤᠷ ᠤᠨ ᠨᠠᠶᠢᠷᠠᠯ ᠬᠦᠭ᠍ᠵᠢᠮ᠂ ᠬᠦᠬᠡᠮᠠᠢ᠂ ᠤᠷᠲᠤ ᠶᠢᠨ ᠲᠠᠭᠤᠤ ᠵᠡᠷᠭᠡ ᠤᠷᠠᠨ ᠰᠠᠶᠢᠬᠠᠨ ᠤ ᠲᠤᠭᠯᠠᠯᠲᠠ ᠭᠠᠷᠭᠠᠭᠰᠠᠨ ᠡᠴᠡ ᠭᠠᠲᠠᠨ᠎ᠠ ᠪᠦᠬᠡ  ᠪᠠᠷᠢᠯᠲᠤᠬᠤ᠂ ᠰᠤᠷ ᠬᠠᠷᠪᠤᠬᠤ᠂ ᠪᠢᠯᠠᠭᠤ ᠰᠢᠲᠡᠬᠦ᠂ ᠮᠤᠩᠭ᠋ᠤᠯ ᠰᠢᠲᠠᠷ᠎᠎ᠠ᠂ ᠬᠡᠦᠬᠡᠳ ᠪᠠᠭᠠᠴᠤᠳ ᠲᠤ ᠵᠤᠷᠢᠭᠤᠯᠤᠭᠰᠠᠨ ᠨᠠᠭᠠᠲᠤᠮ ᠲᠤᠭᠯᠠᠭᠠᠮ ᠵᠡᠷᠭᠡ 7 ᠲᠦᠷᠦᠯ ᠤᠨ ᠠᠵᠢᠯᠯᠠᠭ᠎ᠠ ᠲᠤᠬᠢᠷᠠᠭᠤᠯᠪᠠ᠃

    ᠤᠶᠢᠯᠠᠭᠠᠭᠰᠠᠨ ᠢᠶᠡᠷ ᠴᠠᠩᠴᠦ᠋ᠨ ᠬᠤᠲᠠ ᠶᠢᠨ ᠮᠤᠩᠭ᠋ᠤᠯ ᠨᠠᠭᠠᠲᠤᠮ 1992 ᠤᠨ ᠳ᠋ᠤ ᠠᠩᠬ᠎ᠠ ᠵᠤᠬᠢᠶᠠᠨ ᠪᠠᠶᠢᠭᠤᠯᠤᠭᠲᠠᠵᠤ ᠤᠲᠤ ᠪᠤᠯᠬᠤ ᠳ᠋ᠤ ᠠᠷᠪᠡᠳᠡᠬᠢ ᠤᠲᠠᠭ᠎ᠠ ᠪᠠᠨ ᠠᠮᠵᠢᠯᠲᠠ ᠲᠠᠢ ᠵᠤᠬᠢᠶᠠᠨ ᠪᠠᠶᠢᠭᠤᠯᠤᠭᠲᠠᠵᠤ ᠪᠠᠶᠢᠨ᠎ᠠ᠃ ᠡᠨᠡᠬᠦ ᠮᠤᠩᠭ᠋ᠤᠯ ᠨᠠᠭᠠᠲᠤᠮ ᠤᠨ ᠬᠡᠪᠴᠢᠶ᠎ᠡ ᠦᠷᠭᠡᠨ ᠪᠤᠯᠵᠤ᠂ ᠠᠭᠤᠯᠭ᠎ᠠ ᠬᠡᠯᠪᠡᠷᠢ ᠪᠠᠶᠠᠯᠢᠭᠵᠢᠵᠤ ᠪᠠᠶᠢᠬᠤ ᠪᠡᠷ ᠪᠠᠷᠠᠬᠤ ᠦᠭᠡᠢ ᠦᠨᠳᠦᠰᠦᠲᠡᠨ ᠤ ᠰᠤᠶᠤᠯ ᠢᠶᠡᠨ ᠦᠪᠯᠡᠨ ᠵᠠᠯᠭᠠᠮᠵᠢᠯᠠᠬᠤ᠂ ᠦᠨᠳᠦᠰᠦᠲᠡᠨ ᠤ ᠪᠦᠯᠬᠦᠮᠲᠡᠯ ᠲᠠᠪᠰᠢᠯᠲᠠ᠂ ᠴᠡᠴᠡᠭᠯᠡᠨ ᠬᠦᠭ᠍ᠵᠢᠯᠲᠠ ᠶᠢ ᠬᠠᠷᠠᠭᠤᠯᠬᠤ ᠦᠪᠡᠲᠡᠭᠰᠢ ᠴᠤᠭᠯᠠᠭᠠᠨ ᠪᠤᠯᠵᠠᠢ᠃

( ᠵᠢᠷᠤᠭ ᠢ ᠹᠧᠢ ᠵᠢᠢ ᠸᠸᠢ᠂ ᠯᠢ ᠫᠧᠩ )

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120791121721465