蒙古文网站Logo
ᠰᠢᠨᠬᠤᠸᠠ ᠮᠤᠩᠭ᠋ᠤᠯ ᠨᠧᠲ

ᠦᠪᠤᠷ ᠮᠤᠡᠭᠭᠤᠯ ‍ᠤᠨ ᠦᠪᠡᠷᠳᠡᠭᠡᠨ ᠵᠠᠰᠠᠬᠤ ᠤᠷᠤᠨ ᠤ ᠲᠤᠮᠳᠠᠳᠤ ᠰᠤᠷᠭᠠᠭᠤᠯᠢ ᠵᠢᠨ ᠰᠤᠷᠤᠭᠴᠢᠳ ‍ᠤᠨ ᠪᠦᠭᠡ ᠵᠢᠨ ᠮᠠᠡᠭᠯᠠᠢ ᠰᠢᠯᠭᠠᠷᠠᠭᠤᠯᠬᠤ ᠲᠡᠮᠡᠴᠡᠭᠡᠨ ᠤᠯᠠᠭᠠᠨᠬᠠᠲᠠ ᠶᠢᠨ ᠳ᠋ᠠᠪᠠᠨ ᠳ᠋ᠥ ᠶᠠᠪᠣᠭᠳᠠᠪᠠ

2017-11-20 12:29

    ᠰᠢᠨᠬᠤᠧᠠ ᠮᠣᠩᠭ᠋ᠤᠯ ᠨᠧᠲ   11 ᠰᠠᠷ᠎ᠠ ᠶᠢᠨ 20 ᠤ ᠡᠳᠦᠷ ᠤᠨ ᠴᠠᠬᠢᠯᠭᠠᠨ ᠮᠡᠳᠡᠭᠡ   11 ᠰᠠᠷ᠎ᠠ ᠶ᠋ᠢᠨ17 ᠡᠴᠠ 18 ᠤ ᠡᠳᠦᠷ ᠂ 2017 ᠤᠨ ᠤ ᠦᠪᠤᠷ ᠮᠤᠡᠭᠭᠤᠯ ‍ᠤᠨ ᠦᠪᠡᠷᠳᠡᠭᠡᠨ ᠵᠠᠰᠠᠬᠤ ᠤᠷᠤᠨ ᠤ ᠲᠤᠮᠳᠠᠳᠤ ᠰᠤᠷᠭᠠᠭᠤᠯᠢ ᠵᠢᠨ ᠰᠤᠷᠤᠭᠴᠢᠳ ‍ᠤᠨ ᠪᠦᠭᠡ ᠵᠢᠨ ᠮᠠᠡᠭᠯᠠᠢ ᠰᠢᠯᠭᠠᠷᠠᠭᠤᠯᠬᠤ ᠲᠡᠮᠡᠴᠡᠭᠡᠨ ᠦᠪᠦᠷ ᠮᠣᠩᠭᠣᠯ ‍ᠤᠨ ᠣᠯᠠᠭᠠᠨᠬᠠᠳᠠ ᠬᠣᠳᠡ ᠶ᠋ᠢᠨ ᠪᠠᠭᠠᠷᠢᠨ ᠪᠠᠷᠠᠭᠤᠨ ᠬᠤᠰᠢᠭᠤᠨ ‍ᠤ ᠮᠣᠩᠭᠣᠯ ᠲᠣᠮᠳᠠᠳᠣ ᠰᠣᠷᠭᠠᠭᠣᠯᠢ ᠶ᠋ᠢᠨ ᠬᠦᠯ ᠪᠦᠮᠪᠦᠭᠡ ᠶ᠋ᠢᠨ ᠣᠷᠳᠣᠨ ᠳ᠋ᠤ ᠠᠮᠵᠢᠯᠳᠡ ᠲᠠᠢ ᠶᠠᠪᠣᠭᠳᠠᠪᠠ᠃

    ᠲᠡᠮᠡᠴᠡᠬᠡᠨ ᠳᠤ ᠤᠷᠤᠨ ᠳᠠᠶᠠᠭᠠᠷ ᠤᠨ 9 ᠠᠶᠢᠮᠠᠭ ᠬᠤᠳᠠ ᠶ᠋ᠢᠨ 17 ᠲᠣᠮᠳᠠᠳᠣ ᠰᠤᠷᠭᠠᠭᠤᠯᠢ ᠶ᠋ᠢᠨ ᠰᠣᠷᠣᠭᠴᠢᠳ ᠤᠷᠤᠯᠴᠠᠨ᠂ ᠬᠠᠮᠳᠤ ᠨᠢᠬᠡᠴᠡ ᠶ᠋ᠢᠨ ᠲᠡᠮᠡᠴᠡᠭᠡᠨ ᠪᠠ ᠬᠤᠪᠢ ᠬᠦᠮᠦᠨ ‍ᠤ ᠲᠡᠮᠡᠴᠡᠭᠡᠨ ᠠᠩᠬᠢᠯᠠᠵᠣ ᠣᠷᠣᠯᠳᠣᠵᠠᠢ᠃ ᠬᠣᠶᠠᠷ ᠡᠳᠦᠷ ‍ᠤᠨ ᠬᠣᠷᠴᠨ ᠰᠢᠷᠦᠭᠦᠨ ᠮᠦᠷᠦᠶᠢᠴᠡᠭᠡᠨ ᠢᠶᠡᠷ ᠲᠠᠮᠵᠢᠨ ᠦᠰᠪᠦᠷᠢ ᠶ᠋ᠢᠨ ᠪᠠᠭᠠᠴᠣᠳ ᠭᠡᠣᠭᠡᠳ ‍ᠤᠨ ᠣᠷ᠎ᠡ ᠮᠡᠭᠡ ᠪᠠ ᠬᠦᠴᠦᠨ ᠴᠢᠳᠠᠯ ‍ᠢ ᠰᠢᠯᠭᠠᠵᠣ ᠂ ᠣᠳᠣᠮᠰᠢᠯᠳᠣ ᠪᠦᠭᠡ ᠶ᠋ᠢᠨ ᠣᠷᠠᠯᠢᠭ ᠰᠣᠶᠣᠯ ‍ᠢ ᠣᠯᠠᠨ᠎ᠠ ᠭᠠᠶᠢᠬᠠᠭᠣᠯᠵᠣ᠂ ᠨᠢᠭᠡ ᠣᠳᠠᠭᠠᠨ ‍ᠤ ᠦᠨᠳᠦᠷ ᠲᠦᠪᠰᠢᠨ ᠲᠠᠢ ᠮᠠᠩᠯᠠᠢ ᠰᠢᠯᠭᠠᠷᠠᠭᠣᠯᠬᠣ ᠲᠡᠮᠡᠴᠡᠭᠡᠨ ‍ᠤ ᠰᠢᠨ᠎ᠡ ᠪᠦᠳᠦᠮᠵᠢ ᠶ᠋ᠢ ᠡᠬᠦᠳᠦᠭᠰᠡᠨ ᠪᠠᠶᠢᠨ᠎ᠠ᠃

    ᠡᠬᠦᠨ ᠳᠤ᠂ ᠡᠷᠡᠭᠳᠡᠢ ᠶ᠋ᠢᠨ ᠨᠢᠭᠡᠴᠨ ᠶ᠋ᠢᠨ ᠲᠡᠮᠡᠴᠡᠭᠡᠨ ᠳ᠋ᠥ ᠣᠯᠠᠭᠠᠨᠬᠠᠳᠠ ᠬᠣᠳᠡ ᠶ᠋ᠢᠨ ᠠᠷᠣ ᠬᠣᠷᠴᠢᠨ ᠬᠣᠰᠢᠭᠣᠨ ‍ᠤ ᠴᠢᠪᠠᠭ᠎ᠠ ᠬᠣᠶᠠᠳᠣᠭᠠᠷ ᠲᠣᠮᠳᠠᠳᠣ ᠰᠣᠷᠭᠠᠭᠣᠯᠢ ᠮᠠᠩᠯᠠᠶᠢᠯᠠᠵᠣ᠂ ᠡᠮᠡᠭᠳᠡᠢ ᠶ᠋ᠢᠨ ᠨᠢᠭᠡᠴᠨ ᠶ᠋ᠢᠨ ᠲᠡᠮᠡᠴᠡᠭᠡᠨ ᠳ᠋ᠥ ᠬᠢᠩᠭ᠋ᠠᠨ ᠠᠶᠢᠮᠠᠭ ‍ᠤᠨ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ ‍ᠤ ᠪᠠᠶᠠᠨᠬᠣᠰᠢᠭᠣ ᠨᠢᠭᠡᠳᠣᠭᠡᠷ ᠲᠣᠮᠳᠠᠳᠣ ᠰᠣᠷᠭᠠᠭᠣᠯᠢ ᠮᠠᠩᠯᠠᠶᠢᠯᠠᠪᠠ᠃ ᠡᠷᠡᠭᠳᠡᠢ ᠶ᠋ᠢᠨ 64 ᠪᠦᠭᠡ ᠶ᠋ᠢᠨ ᠪᠠᠷᠢᠯᠳᠣᠭᠠᠨ ᠳ᠋ᠥ ᠡᠷᠳᠡᠨᠢᠰᠦ᠋ᠬᠡ (ᠵᠡᠬᠦᠨ ᠦᠵᠦᠮᠦᠴᠢᠨ ᠬᠣᠰᠢᠭᠣᠨ ‍ᠤ ᠦᠨᠳᠦᠰᠦᠳᠡᠨ ‍ᠤ ᠶᠡᠷᠦᠩᠭᠡᠶᠢᠯᠡᠭᠰᠡᠨ ᠲᠡᠭᠡᠳᠣ ᠵᠡᠷᠭᠡ ᠶ᠋ᠢᠨ ᠲᠣᠮᠳᠠᠳᠣ ᠰᠣᠷᠭᠠᠭᠣᠯᠢ) ᠮᠠᠩᠯᠠᠶᠢᠯᠠᠵᠤ᠂ ᠡᠮᠡᠭᠳᠡᠢ ᠶ᠋ᠢᠨ 64 ᠪᠦᠭᠡ ᠶ᠋ᠢᠨ ᠪᠠᠷᠢᠯᠳᠣᠭᠠᠨ ᠳ᠋ᠥ ᠲᠣᠷᠣᠨ᠎ᠠ (ᠠᠷᠣ ᠬᠣᠷᠴᠢᠨ ᠬᠣᠰᠢᠭᠣᠨ ‍ᠤ ᠴᠢᠪᠠᠭ᠎ᠠ ᠬᠣᠶᠠᠳᠣᠭᠠᠷ ᠲᠣᠮᠳᠠᠳᠣ ᠰᠣᠷᠭᠠᠭᠣᠯᠢ) ᠮᠠᠩᠯᠠᠶᠢᠯᠠᠪᠡ᠃

    ᠲᠤᠰ ᠣᠳᠠᠭᠠᠨ ‍ᠤ ᠦᠪᠤᠷ ᠮᠤᠡᠭᠭᠤᠯ ‍ᠤᠨ ᠦᠪᠡᠷᠳᠡᠭᠡᠨ ᠵᠠᠰᠠᠬᠤ ᠤᠷᠤᠨ ᠤ ᠲᠤᠮᠳᠠᠳᠤ ᠰᠤᠷᠭᠠᠭᠤᠯᠢ ᠵᠢᠨ ᠰᠤᠷᠤᠭᠴᠢᠳ ‍ᠤᠨ ᠪᠦᠭᠡ ᠵᠢᠨ ᠮᠠᠡᠭᠯᠠᠢ ᠰᠢᠯᠭᠠᠷᠠᠭᠤᠯᠬᠤ ᠲᠡᠮᠡᠴᠡᠭᠡᠨ ‍ᠢ ᠦᠪᠦᠷ ᠮᠤᠩ᠋ᠭᠤᠯ ‍ᠤᠨ ᠦᠪᠡᠷᠳᠡᠬᠡᠨ ᠵᠠᠰᠠᠬᠤ ᠤᠷᠤᠨ ᠤ ᠰᠤᠷᠭᠠᠨ ᠬᠦᠮᠦᠵᠢᠯ ‍ᠤᠨ ᠲᠢᠩᠬᠢᠮ ᠡᠴᠡ ᠰᠠᠨᠠᠭᠠᠴᠢᠯᠠᠵᠤ᠂ ᠤᠯᠠᠭᠠᠨᠬᠠᠳᠠ ᠬᠤᠳᠠ ᠶ᠋ᠢᠨ ᠰᠤᠷᠭᠠᠨ ᠬᠦᠮᠦᠵᠢᠯ ‍ᠤᠨ ᠲᠤᠪᠴᠢᠶ᠎ᠠ᠂ ᠪᠠᠭᠠᠷᠢᠨ ᠪᠠᠷᠠᠭᠤᠨ ᠬᠤᠰᠢᠭᠤᠨ ᠤ ᠰᠤᠷᠭᠠᠨ ᠬᠦᠮᠦᠵᠢᠯ ᠪᠠ ᠰᠢᠨᠵᠢᠯᠡᠬᠦ ᠤᠬᠠᠭᠠᠨ ᠲᠧᠭ᠍ᠨᠢᠭ᠌ ᠮᠡᠷᠬᠡᠵᠢᠯ ‍ᠤᠨ ᠲᠤᠪᠴᠢᠶ᠎ᠠ ᠡᠴᠡ ᠵᠣᠬᠢᠶᠠᠨ ᠪᠠᠶᠢᠭᠤᠯᠵᠤ ᠂ ᠦᠪᠦᠷ ᠮᠤᠩ᠋ᠭᠤᠯ ‍ᠤᠨ ᠦᠪᠡᠷᠳᠡᠬᠡᠨ ᠵᠠᠰᠠᠬᠤ ᠤᠷᠤᠨ ᠤ ᠵᠢᠤᠳᠤᠤ ᠪᠦᠬᠡ ᠶ᠋ᠢᠨ ᠨᠡᠶᠢᠬᠡᠮᠯᠢᠭ᠌᠂ ᠪᠠᠭᠠᠷᠢᠨ ᠪᠠᠷᠠᠭᠤᠨ ᠬᠤᠰᠢᠭᠤᠨ ᠤ ᠪᠦᠬᠡ ᠶ᠋ᠢᠨ ᠨᠡᠶᠢᠬᠡᠮᠯᠢᠭ᠌ ᠡᠴᠡ ᠬᠠᠮᠵᠢᠨ ᠡᠷᠬᠢᠯᠡᠭᠰᠡᠨ ᠪᠠᠶᠢᠨ᠎ᠠ᠃ (ᠬᠦᠬᠡᠳᠠᠪᠠᠯᠭᠠᠨ᠂ ᠤᠨᠳᠤᠷᠤᠮᠠᠯ )

ᠢᠷᠡᠯᠳᠡ᠄ ᠰᠢᠨᠬᠤᠧᠠ ᠮᠣᠩᠭ᠋ᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121982319